ᠶᠠᠫᠣᠨ ᠬᠡᠦᠬᠡᠳ ᠦᠳ ᠭᠣᠪᠢ ᠨᠤᠲᠤᠭ ᠲᠤ ᠵᠣᠴᠢᠯᠠᠪᠠ | News.MN

ᠶᠠᠫᠣᠨ ᠬᠡᠦᠬᠡᠳ ᠦᠳ ᠭᠣᠪᠢ ᠨᠤᠲᠤᠭ ᠲᠤ ᠵᠣᠴᠢᠯᠠᠪᠠ

ᠳᠣᠷᠣᠨᠠᠭᠣᠪᠢ ᠠᠶᠢᠮᠠᠭ᠂ ᠶᠠᠫᠣᠨ ᠤ ᠱᠢᠽᠤᠺᠠ ᠮᠤᠵᠢ ᠬᠣᠭᠣᠷᠣᠨᠳᠣ ᠶᠢᠨ ᠬᠠᠮᠲᠤ ᠶᠢᠨ ᠠᠵᠢᠯᠯᠠᠭ᠎ᠠ᠂ ᠰᠤᠷᠤᠭᠴᠢ ᠰᠣᠯᠢᠯᠴᠠᠭᠠᠨ ᠤ ᠬᠦᠷᠢᠶᠡᠨ ᠳᠦ ᠨᠠᠢ᠌ᠮᠠᠳᠤᠭᠠᠷ ᠰᠠᠷ᠎ᠠ ᠶᠢᠨ 08-09  ᠳᠦ ᠶᠠᠫᠣᠨ ᠤ 20 ᠰᠤᠷᠤᠭᠴᠢ᠂ ᠲᠠᠪᠤᠨ ᠪᠠᠭᠰᠢ ᠳᠣᠷᠣᠨᠠᠭᠣᠪᠢ ᠠᠶᠢᠮᠠᠭ ᠲᠤ ᠵᠣᠴᠢᠯᠠᠯ᠎ᠠ᠃  ᠲᠡᠳᠡ ᠮᠣᠩᠭᠣᠯ ᠶᠣᠰᠣ ᠵᠠᠩᠰᠢᠯ᠂ ᠨᠡᠭᠦᠳᠡᠯᠴᠢᠨ ᠰᠤᠶᠤᠯ ᠠᠬᠤᠢ ᠲᠠᠢ ᠲᠠᠨᠢᠯᠴᠠᠵᠤ ᠠᠶᠢᠮᠠᠭ ᠤᠨ ᠮᠦᠽᠧᠢ᠂ ᠰᠤᠷᠭᠠᠯᠲᠠ ᠰᠤᠳᠤᠯᠭᠠᠨ ᠤ ᠦᠵᠡᠮᠦᠷᠢ ᠨᠦᠭᠦᠳ ᠢ ᠦᠵᠡᠵᠦ᠂ ᠰᠠᠶᠢᠨᠱᠠᠩᠳᠠ ᠰᠤᠮᠤ ᠶᠢᠨ ᠶᠡᠷᠦᠩᠬᠡᠢ ᠪᠣᠯᠪᠠᠰᠤᠷᠠᠯ ᠤᠨ ᠵᠢᠷᠭᠤᠳᠤᠭᠠᠷ ᠰᠤᠷᠭᠠᠭᠤᠯᠢ ᠶᠢᠨ ᠦᠢᠯᠡ ᠠᠵᠢᠯᠯᠠᠭ᠎ᠠ ᠲᠠᠢ ᠲᠠᠨᠢᠯᠴᠠᠵᠠᠢ᠃
ᠬᠣᠶᠠᠷ ᠣᠷᠣᠨ ᠤ ᠬᠡᠦᠬᠡᠳ ᠦᠳ ᠤᠯᠤᠰ ᠣᠷᠣᠨ ᠤ ᠣᠨᠴᠠᠯᠢᠭ ᠪᠦᠬᠦᠢ ᠲᠣᠭᠯᠠᠭᠠᠮ ᠢ ᠪᠡᠶ᠎ᠡ ᠪᠡᠶ᠎ᠡ ᠳᠦ ᠪᠡᠨ ᠵᠢᠭᠠᠵᠤ ᠰᠤᠷᠭᠠᠨ ᠬᠠᠮᠲᠤ ᠳᠤ ᠪᠠᠨ ᠲᠣᠭᠯᠠᠵᠤ᠂ ᠮᠣᠩᠭᠣᠯ ᠤᠨ ᠦᠨᠳᠦᠰᠦᠨ ᠦ ᠲᠡᠮᠡᠴᠡᠭᠡᠨ ᠦ ᠦᠵᠡᠭᠦᠯᠬᠦ ᠲᠣᠭᠯᠠᠯᠲᠠ ᠶᠢ ᠰᠣᠨᠢᠷᠬᠠᠪᠠ᠃ ᠮᠥᠨ ᠳᠣᠷᠣᠨᠠᠭᠣᠪᠢ ᠠᠶᠢᠮᠠᠭ ᠤᠨ ᠵᠢᠷᠭᠠᠯᠠᠩ ᠬᠡᠦᠬᠡᠳ ᠦᠨ ᠵᠤᠰᠠᠯᠠᠩ ᠳᠤ ᠵᠣᠴᠢᠯᠠᠵᠤ ᠨᠡᠭᠦᠳᠡᠯᠴᠢᠳ ᠦᠨ ᠠᠬᠤᠢ ᠰᠤᠶᠤᠯ᠂ ᠤᠯᠠᠮᠵᠢᠯᠠᠯᠲᠤ ᠶᠣᠰᠣ ᠵᠠᠩᠰᠢᠯ ᠢ ᠦᠵᠡᠭᠰᠡᠨ ᠡᠴᠡ ᠭᠠᠳᠠᠨ᠎ᠠ ᠳᠣᠷᠣᠨᠠᠭᠣᠪᠢ ᠠᠶᠢᠮᠠᠭ ᠤᠨ ᠤᠷᠠᠯᠢᠭ ᠤᠨ 《ᠪᠣᠯᠣᠷ ᠡᠭᠡᠰᠢᠭᠯᠡᠩ》 ᠬᠠᠮᠲᠤᠯᠢᠭ ᠲᠠᠢ ᠨᠢᠭᠡᠨ ᠣᠷᠣᠢ ᠶᠢ ᠬᠥᠭᠵᠢᠯᠲᠡᠢ ᠥᠩᠭᠡᠷᠡᠭᠦᠯᠦᠭᠰᠡᠨ ᠪᠠᠶᠢᠨ᠎ᠠ ᠃

ᠰᠡᠳᠬᠢᠭᠳᠡᠯ ᠦᠯᠡᠳᠡᠭᠡᠬᠦ