ᠬᠡᠨᠲᠡᠢ ᠶᠢᠨ ᠬᠢᠨ ᠲᠢ ᠪᠣᠯᠯ ᠰᠫᠣᠷᠲ ᠢ ᠬᠥᠭᠵᠢᠭᠦᠯᠦᠨ᠎ᠡ  | News.MN

ᠬᠡᠨᠲᠡᠢ ᠶᠢᠨ ᠬᠢᠨ ᠲᠢ ᠪᠣᠯᠯ ᠰᠫᠣᠷᠲ ᠢ ᠬᠥᠭᠵᠢᠭᠦᠯᠦᠨ᠎ᠡ 

ᠬᠡᠨᠲᠡᠢ ᠠᠶᠢᠮᠠᠭ ᠤᠨ ᠵᠠᠰᠠᠭ ᠳᠠᠷᠤᠭ᠎ᠠ ᠼ ∙ ᠴᠣᠭᠰᠣᠮᠵᠠᠪ᠂ 《ᠬᠦᠮᠦᠨ》 ᠲᠢᠶᠠᠲ᠋ᠷ ᠤᠨ ᠵᠠᠬᠢᠷᠤᠯ ᠳ∙ᠪᠤᠯᠤᠷᠡᠷᠳᠡᠨᠢ ᠨᠠᠷ ᠤᠨ  ᠬᠦᠰᠡᠯᠲᠡ ᠪᠡᠷ ᠬᠡᠨᠲᠡᠢ ᠠᠶᠢᠮᠠᠭ ᠲᠤ ᠲᠢ ᠪᠣᠯᠯ ᠰᠫᠣᠷᠲ ᠬᠥᠭᠵᠢᠬᠦ ᠦᠨᠳᠦᠰᠦ ᠰᠠᠭᠤᠷᠢ ᠶᠢ ᠲᠠᠯᠪᠢᠯ᠎ᠠ᠃ ᠲᠣᠳᠣᠷᠠᠭᠤᠯᠪᠠᠯ᠂ ᠲᠣᠺᠦᠰᠢᠮᠠ ᠳ᠋ᠡᠬᠢ ᠮᠣᠩᠭᠣᠯ ᠤᠯᠤᠰ ᠤᠨ ᠡᠷᠭᠦᠮᠵᠢᠲᠦ ᠺᠤᠨᠰᠦ᠋ᠯ ᠺᠠᠸᠠᠦᠴᠢ ᠱᠢᠷᠤ᠋᠂ ᠮᠣᠩᠭᠣᠯ ᠤᠯᠤᠰ ᠤᠨ ᠰᠤᠶᠤᠯ ᠤᠨ ᠡᠯᠴᠢ ᠮᠢᠺᠢ ᠶᠠᠰᠤᠾᠢᠷᠤ᠋ ᠲᠡᠷᠢᠭᠦᠲᠡᠢ ᠶᠠᠫᠣᠨ ᠤ ᠲᠢ ᠪᠣᠯᠯ  ᠤᠨ ᠬᠣᠯᠪᠣᠭ᠎ᠠ᠂ ᠮᠣᠩᠭᠣᠯ ᠤᠨ ᠲᠢ ᠪᠣᠯᠯ  ᠤᠨ ᠦᠨᠳᠦᠰᠦᠨ ᠦ ᠬᠣᠯᠪᠣᠭ᠎ᠠ ᠬᠠᠮᠲᠤᠷᠠᠨ ᠲᠤᠰ ᠠᠶᠢᠮᠠᠭ ᠤᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ 10 ᠪᠠᠭᠰᠢ ᠶᠢ ᠰᠤᠷᠭᠠᠭᠴᠢ ᠪᠠᠭᠰᠢ ᠪᠠᠷ ᠪᠡᠯᠡᠳᠬᠡᠵᠦ᠂ ᠦᠨᠡᠮᠯᠡᠬᠦ ᠭᠠᠷᠳᠠᠭᠤᠯᠤᠯ᠎ᠠ᠃

ᠡᠨᠡ ᠦᠶ᠎ᠡ ᠪᠡᠷ 20 ᠰᠤᠷᠤᠭᠴᠢ ᠳᠤ ᠤᠭ ᠰᠫᠣᠷᠲ ᠢ ᠵᠢᠭᠠᠨ ᠰᠤᠷᠭᠠᠵᠤ ᠨᠥᠬᠥᠷᠰᠡᠭ ᠲᠣᠭᠯᠠᠯᠲᠠ ᠬᠢᠯ᠎ᠡ᠃ ᠶᠠᠫᠣᠨ ᠮᠠᠶ᠋ᠢᠭ ᠤᠨ ᠲᠢ ᠪᠣᠯᠯ ᠨᠢ 2019 ᠣᠨ ᠠᠴᠠ ᠮᠣᠩᠭᠣᠯ ᠤᠯᠤᠰ ᠲᠤ ᠬᠥᠭᠵᠢᠵᠦ ᠪᠠᠶᠢᠭ᠎ᠠ ᠪᠥᠭᠡᠳ ᠪᠧᠢᠰ ᠪᠣᠯᠯ  ᠤᠨ ᠰᠠᠭᠤᠷᠢ ᠰᠫᠣᠷᠲ ᠶᠤᠮ᠃ ᠤᠭ ᠰᠫᠣᠷᠲ ᠢᠶᠠᠷ ᠬᠢᠴᠢᠶᠡᠯᠯᠡᠭᠰᠡᠨ ᠢᠶᠡᠷ ᠪᠠᠭ ᠢᠶᠠᠷ ᠠᠵᠢᠯᠯᠠᠬᠤ ᠴᠢᠳᠠᠪᠤᠷᠢ᠂ ᠮᠡᠨᠳᠦᠯᠡᠬᠦ ᠬᠦᠨᠳᠦᠯᠡᠬᠦ ᠰᠤᠶᠤᠯ ᠳᠤ ᠰᠤᠷᠤᠯᠴᠠᠬᠤ ᠳᠠᠪᠠᠭᠤ ᠲᠠᠯ᠎ᠠ ᠲᠠᠢ ᠭᠡᠨ᠎ᠡ᠃

ᠰᠡᠳᠬᠢᠭᠳᠡᠯ ᠦᠯᠡᠳᠡᠭᠡᠬᠦ