ᠶᠡᠷᠦᠩᠬᠡᠢ ᠰᠠᠶᠢᠳ ᠯ∙ᠤᠶᠤᠡᠡᠷᠳᠡᠨᠢ ᠥᠨᠥᠳᠥᠷ ᠬᠤᠷᠢᠨ ᠨᠢᠭᠡᠳᠡᠬᠢ 《ᠥᠷᠯᠥᠭᠡᠨ ᠦ ᠠᠭᠤᠯᠵᠠᠯᠲᠠ》 ᠪᠠᠨ ᠠᠦ᠋ᠲ᠋ᠣ᠋ ᠵᠠᠮ ᠤᠨ ᠰᠠᠯᠪᠤᠷᠢ ᠶᠢᠨ ᠲᠥᠯᠥᠭᠡᠯᠡᠯ ᠲᠡᠢ ᠬᠢᠵᠦ ᠪᠠᠶᠢᠨ᠎ᠠ᠃ ᠤᠯᠠᠮ ᠢᠶᠠᠷ ᠠᠦ᠋ᠲ᠋ᠣ᠋ ᠵᠠᠮ ᠤᠨ ᠴᠢᠨᠠᠷ᠂ ᠲᠤᠯᠭᠠᠮᠳᠠᠵᠤ ᠪᠤᠢ ᠠᠰᠠᠭᠤᠳᠠᠯ ᠤᠳ ᠢᠶᠠᠷ ᠤᠷᠤᠯᠴᠠᠭᠰᠠᠳ ᠤᠨ ᠮᠡᠳᠡᠭᠡᠯᠡᠯ ᠢ ᠰᠣᠨᠣᠰᠴᠤ᠂ ᠠᠰᠠᠭᠤᠳᠠᠯ ᠢ ᠰᠢᠢᠳᠦᠬᠦ ᠠᠷᠭ᠎ᠠ ᠵᠠᠮ᠂ ᠭᠠᠷᠴᠠ ᠭᠠᠷᠭᠠᠯᠭ᠎ᠠ ᠶᠢ ᠬᠡᠯᠡᠯᠴᠡᠪᠡ᠃
ᠢᠨᠵᠧᠨᠧᠷ ᠰ∙ᠭᠠᠩᠬᠤᠶᠠᠭ᠄ ᠪᠢ ᠠᠦ᠋ᠲ᠋ᠣ᠋ ᠵᠠᠮ ᠤᠨ ᠵᠥᠪᠯᠡᠯ ᠦᠨ ᠭᠡᠰᠢᠭᠦᠨ᠃ ᠮᠠᠨ ᠤ ᠵᠥᠪᠯᠡᠯ ᠡᠨᠡ ᠣᠨ ᠳᠤ ᠪᠠᠶᠢᠭᠤᠯᠤᠭᠳᠠᠭᠰᠠᠨ᠂ 11 ᠭᠡᠰᠢᠭᠦᠨ ᠲᠡᠢ᠂ ᠠᠦ᠋ᠲ᠋ᠣ᠋ ᠵᠠᠮ ᠤᠨ ᠣᠷᠣᠯᠭ᠎ᠠ᠂ ᠵᠠᠷᠤᠴᠠᠭᠤᠯᠤᠯᠲᠠ ᠳᠤ ᠬᠢᠨᠠᠯᠲᠠ ᠲᠠᠯᠪᠢᠳᠠᠭ ᠪᠠᠶᠢᠭᠤᠯᠤᠯᠭ᠎ᠠ᠃ ᠠᠦ᠋ᠲ᠋ᠣ᠋ ᠵᠠᠮ ᠤᠨ 23 ᠰᠠᠩ ᠮᠣᠩᠭᠣᠯ ᠤᠯᠤᠰ ᠲᠤ ᠪᠠᠶᠢᠳᠠᠭ᠂ ᠨᠠᠢ᠌ᠮᠠᠨ ᠡᠬᠢ ᠡᠭᠦᠰᠪᠦᠷᠢ ᠡᠴᠡ ᠣᠷᠣᠯᠭ᠎ᠠ ᠪᠠᠨ ᠪᠦᠷᠢᠳᠦᠭᠦᠯᠳᠡᠭ᠃ ᠥᠨᠥᠳᠥᠷ ᠵᠥᠪᠬᠡᠨ ᠲᠥᠯᠥᠪᠦᠷᠢ ᠬᠤᠷᠢᠶᠠᠬᠤ ᠴᠡᠭ ᠦᠨ ᠦᠢᠯᠡᠴᠢᠯᠡᠭᠡᠨ ᠦ ᠣᠷᠣᠯᠭ᠎ᠠ ᠯᠠ ᠢᠯᠡ᠂ ᠪᠤᠰᠤᠳ ᠤᠨ ᠬᠢᠨᠢ ᠳᠠᠯᠳᠠ ᠪᠠᠶᠢᠳᠠᠭ᠃ ᠠᠦ᠋ᠲ᠋ᠣ᠋ ᠵᠠᠮ ᠤᠨ ᠵᠠᠰᠠᠪᠤᠷᠢ᠂ ᠠᠷᠠᠴᠢᠯᠠᠯᠲᠠ ᠳᠤ ᠵᠢᠯ ᠪᠦᠷᠢ 110 ᠲᠡᠷᠪᠤᠮ ᠲᠥᠭᠥᠷᠢᠭ ᠱᠠᠭᠠᠷᠳᠠᠯᠭ᠎ᠠ ᠲᠠᠢ ᠪᠠᠶᠢᠳᠠᠭ ᠴᠤ ᠤᠯᠤᠰ ᠤᠨ ᠲᠥᠰᠥᠪ ᠡᠴᠡ ᠲᠠᠯ᠎ᠠ ᠶᠢ ᠨᠢ ᠪᠠᠲᠤᠯᠠᠵᠤ ᠥᠭᠳᠡᠭ᠃ ᠵᠠᠮ ᠤᠨ ᠰᠠᠩ ᠤᠨ ᠣᠷᠣᠯᠭ᠎ᠠ ᠶᠢ ᠢᠯᠡ ᠲᠣᠳᠣ ᠪᠣᠯᠭᠠᠴᠢᠬᠠᠪᠠᠯ ᠡᠨᠡ 110 ᠲᠡᠷᠪᠤᠮ ᠲᠥᠭᠥᠷᠢᠭ ᠢ ᠪᠦᠷᠢᠨ ᠤᠯᠬᠤ ᠪᠣᠯᠤᠮᠵᠢ ᠲᠠᠢ᠃
ᠴ∙ᠠᠯᠲᠠᠨᠵᠠᠶᠠᠭᠠ᠄ ᠵᠠᠮ ᠠᠰᠢᠭᠯᠠᠭᠰᠠᠨ ᠤ ᠬᠤᠷᠢᠶᠠᠮᠵᠢ ᠮᠠᠨ ᠤ ᠤᠯᠤᠰ ᠲᠤ ᠬᠠᠮᠤᠭ ᠤᠨ ᠪᠠᠭ᠎ᠠ᠃ ᠳᠡᠯᠡᠬᠡᠢ ᠶᠢᠨ ᠬᠠᠮᠢᠭ᠎ᠠ ᠴᠤ 1000-2000 ᠲᠥᠭᠥᠷᠢᠭ ᠢᠶᠡᠷ ᠵᠠᠮ ᠠᠰᠢᠭᠯᠠᠬᠤ ᠦᠭᠡᠢ᠃ ᠲᠥᠯᠥᠪᠦᠷᠢ ᠪᠠᠭ᠎ᠠ ᠤᠴᠢᠷ ᠠᠴᠠ ᠠᠷᠠᠴᠢᠯᠠᠯᠲᠠ ᠮᠠᠭᠤ ᠪᠠᠶᠢᠨ᠎ᠠ᠃ ᠳᠠᠷᠠᠭ᠎ᠠ ᠶᠢᠨ ᠠᠰᠠᠭᠤᠳᠠᠯ ᠭᠠᠵᠠᠷ ᠴᠢᠯᠦᠭᠡᠯᠡᠭᠦᠯᠬᠦ ᠳᠦ ᠦᠨᠡᠬᠡᠷ ᠬᠦᠨᠳᠦᠷᠡᠯ ᠲᠡᠢ ᠪᠠᠶᠢᠳᠠᠭ᠃ ᠬᠦᠮᠦᠨ ᠪᠦᠷᠢ ᠠᠮᠠᠨ ᠳᠤ ᠪᠠᠨ ᠣᠷᠣᠭᠰᠠᠨ ᠲᠣᠭ᠎ᠠ ᠬᠡᠯᠡᠨ᠎ᠡ᠂ ᠲᠣᠬᠢᠷᠠᠯᠴᠠᠵᠤ ᠴᠢᠳᠠᠬᠤ ᠦᠭᠡᠢ ᠡᠴᠡ ᠠᠵᠢᠯ ᠤᠳᠠᠭᠠᠰᠢᠷᠠᠨ᠎ᠠ᠃ ᠡᠭᠦᠨ ᠢ ᠨᠢᠭᠡ ᠰᠲ᠋ᠠᠨᠳᠠᠷᠲ ᠲᠤ ᠣᠷᠣᠭᠤᠯᠵᠤ ᠥᠭᠬᠦ ᠬᠡᠷᠡᠭᠲᠡᠢ ᠪᠠᠶᠢᠨ᠎ᠠ᠃
ᠰ∙ᠸᠴᠢᠷᠪᠠᠲᠤ᠄ ᠵᠠᠮ ᠤᠨ ᠰᠠᠩ᠂ ᠠᠷᠠᠴᠢᠯᠠᠯᠲᠠ ᠶᠢᠨ ᠠᠰᠠᠭᠤᠳᠠᠯ ᠢ ᠤᠯᠤᠰ ᠲᠥᠷᠥ ᠡᠴᠡ ᠠᠩᠭᠢᠳᠠ ᠪᠠᠶᠢᠯᠭᠠᠬᠤ ᠶᠣᠰᠣᠲᠠᠢ᠃ ᠤᠯᠤᠰ ᠲᠦᠷᠦᠴᠢᠳ ᠠᠦ᠋ᠲ᠋ᠣ᠋ ᠵᠠᠮ ᠠᠰᠢᠭᠯᠠᠯᠲᠠ ᠳᠤ ᠣᠷᠣᠭᠤᠯᠤᠯ᠎ᠠ ᠭᠡᠳᠡᠭ᠃ ᠮᠠᠷᠭᠠᠰᠢ ᠠᠴᠠ ᠨᠢ ᠠᠷᠠᠴᠢᠯᠠᠯᠲᠠ ᠶᠢ ᠬᠠᠷᠢᠭᠤᠴᠠᠬᠤ ᠬᠦᠮᠦᠨ ᠪᠠᠶᠢᠬᠤ ᠶᠣᠰᠣᠲᠠᠢ᠃ ᠢᠩᠭᠢᠬᠦ ᠶᠢᠨ ᠲᠤᠯᠠᠳᠠ ᠰᠢᠲᠠᠬᠤᠨ ᠤ ᠣᠨᠴᠠᠭᠠᠢ ᠠᠯᠪᠠᠨ ᠲᠠᠲᠠᠪᠤᠷᠢ ᠶᠢ ᠵᠠᠮ ᠤᠨ ᠰᠠᠩ ᠳᠤ ᠲᠥᠪᠯᠡᠷᠡᠭᠦᠯᠵᠦ ᠪᠠᠶᠢᠵᠤ ᠠᠷᠠᠴᠢᠯᠠᠯᠲᠠ ᠰᠠᠶᠢᠵᠢᠷᠠᠨ᠎ᠠ᠃ ᠡᠮᠦᠨ᠎ᠡ ᠨᠢ ᠬᠠᠤᠯᠢ ᠳᠤ ᠢᠩᠭᠢᠵᠦ ᠲᠤᠰᠬᠠᠭᠰᠠᠨ ᠴᠤ ᠵᠠᠰᠠᠭ ᠤᠨ ᠭᠠᠵᠠᠷ ᠰᠣᠯᠢᠭᠳᠠᠭᠠᠳ ᠦᠭᠡᠷᠡᠴᠢᠯᠡᠴᠢᠬᠡᠭᠰᠡᠨ᠃ ᠡᠨᠡ ᠲᠣᠭᠲᠠᠯᠴᠠᠭ᠎ᠠ ᠶᠢ ᠦᠭᠡᠷᠡᠴᠢᠯᠡᠬᠦ ᠦᠭᠡᠢ ᠪᠣᠯ ᠠᠰᠠᠭᠤᠳᠠᠯ᠂ ᠮᠠᠷᠭᠤᠭᠠᠨ ᠳᠠᠭᠤᠰᠬᠤ ᠦᠭᠡᠢ᠃