ᠪᠠᠷᠠᠭᠤᠨ ᠬᠡᠰᠡᠭ ᠦᠨ ᠬᠠᠮᠤᠭ ᠤᠨ ᠲᠣᠮᠣ  ᠴᠢᠯᠠᠭᠤᠨ ᠳᠤᠷᠠᠰᠬᠠᠯ ᠬᠤᠪᠳᠤ ᠳᠤ ᠪᠤᠢ | News.MN

ᠪᠠᠷᠠᠭᠤᠨ ᠬᠡᠰᠡᠭ ᠦᠨ ᠬᠠᠮᠤᠭ ᠤᠨ ᠲᠣᠮᠣ  ᠴᠢᠯᠠᠭᠤᠨ ᠳᠤᠷᠠᠰᠬᠠᠯ ᠬᠤᠪᠳᠤ ᠳᠤ ᠪᠤᠢ

ᠬᠣᠪᠳᠣ ᠠᠶᠢᠮᠠᠭ ᠤᠨ ᠮᠥᠰᠦᠲᠦ ᠰᠤᠮᠤ ᠶᠢᠨ ᠨᠤᠲᠤᠭ ᠲᠤ᠂ ᠪᠣᠳᠣᠨᠴᠢ ᠶᠢᠨ ᠬᠠᠪᠴᠢᠯ ᠤᠨ ᠵᠠᠮ ᠳᠠᠭᠠᠤ ᠮᠣᠩᠭᠣᠯ ᠤᠨ ᠪᠠᠷᠠᠭᠤᠨ ᠬᠡᠰᠡᠭ ᠦᠨ ᠬᠠᠮᠤᠭ ᠤᠨ ᠲᠣᠮᠣ ᠳᠤ ᠲᠣᠭᠠᠴᠠᠭᠳᠠᠬᠤ ᠴᠢᠯᠠᠭᠤᠨ ᠳᠤᠷᠠᠰᠬᠠᠯ ᠪᠠᠶᠢᠳᠠᠭ᠃ ᠨᠤᠲᠤᠭ ᠤᠨ ᠢᠷᠭᠡᠳ ᠲᠡᠭᠦᠨ ᠢ ᠪᠠᠶᠠᠨᠵᠢᠷᠦᠬᠡ ᠶᠢᠨ ᠪᠤᠭᠤᠨ ᠬᠥᠰᠢᠶ᠎ᠡ︵ᠴᠣᠭᠴᠠᠯᠠᠪᠤᠷᠢ︶ᠭᠡᠵᠦ ᠨᠡᠷᠡᠯᠡᠳᠡᠭ ᠶᠤᠮ᠃ ᠡᠨᠳᠡ 30 ᠣᠷᠴᠢᠮ ᠲᠣᠮᠣ᠂ ᠵᠢᠵᠢᠭ ᠪᠤᠭᠤᠨ ᠬᠥᠰᠢᠶ᠎ᠡ᠂ ᠬᠢᠷᠭᠢᠰᠦᠭᠦᠷ᠂ ᠪᠤᠯᠠᠰᠢ ᠪᠠᠶᠢᠳᠠᠭ᠃

ᠪᠤᠭᠤ ᠶᠢᠨ ᠳᠦᠷᠰᠦᠯᠡᠯ ᠬᠠᠷᠢᠴᠠᠩᠭᠤᠢ ᠭᠣᠶᠣᠮᠰᠣᠭ ᠪᠥᠭᠡᠳ ᠲᠡᠭᠦᠨ ᠦ ᠵᠡᠷᠭᠡᠴᠡᠭᠡ ᠲᠠᠪᠤᠨ ᠥᠨᠴᠥᠭᠲᠦ ᠳᠦᠷᠰᠦ᠂ ᠴᠢᠴᠢᠯᠡᠭᠦᠷ ᠬᠢᠲᠤᠭ᠎ᠠ᠂ ᠪᠤᠰᠤᠳ ᠵᠡᠷ ᠵᠡᠪᠰᠡᠭ ᠢ ᠳᠦᠷᠰᠦᠯᠡᠭᠰᠡᠨ ᠪᠠ ᠪᠤᠭᠤᠨ ᠴᠢᠯᠠᠭᠤᠨ ᠳᠡᠭᠡᠷ᠎ᠡ ᠡᠷᠲᠡᠨ ᠦ ᠬᠦᠮᠦᠰ ᠦᠨ ᠠᠵᠤ ᠠᠮᠢᠳᠤᠷᠠᠯ ᠤᠨ ᠰᠡᠳᠦᠪ ᠲᠡᠢ ᠵᠢᠷᠤᠭ᠂ ᠪᠤᠭᠤ ᠶᠢᠨ ᠵᠠᠭᠪᠤᠷᠴᠢᠯᠠᠭᠰᠠᠨ ᠵᠢᠷᠤᠭᠯᠠᠯ᠂ ᠢᠷᠪᠢᠰ᠂ ᠴᠢᠨᠣ᠎ᠠ ᠭᠡᠬᠦ ᠮᠡᠲᠦ ᠪᠦᠬᠦᠢ ᠯᠠ ᠠᠮᠢᠲᠠᠨ ᠢ ᠳᠠᠪᠬᠤᠷ ᠳᠦᠷᠰᠦᠯᠡᠭᠰᠡᠨ ᠶᠤᠮ᠃ ᠮᠥᠨ ᠣᠳᠣ ᠪᠠᠷ ᠲᠡᠦᠬᠡᠴᠢᠳ ᠲᠠᠶᠢᠯᠵᠤ ᠤᠩᠰᠢᠵᠤ ᠴᠢᠳᠠᠭ᠎ᠠ ᠦᠭᠡᠢ ᠲᠡᠮᠳᠡᠭᠲᠦ ᠳᠦᠷᠰᠦ ᠨᠦᠭᠦᠳ ᠪᠤᠢ᠃

ᠰᠡᠳᠬᠢᠭᠳᠡᠯ ᠦᠯᠡᠳᠡᠭᠡᠬᠦ