ᠸᠠᠩ ᠤᠨ ᠴᠠᠭᠠᠨ ᠠᠭᠤᠯᠠ ᠶᠢ ᠲᠠᠬᠢᠪᠠ | News.MN

ᠸᠠᠩ ᠤᠨ ᠴᠠᠭᠠᠨ ᠠᠭᠤᠯᠠ ᠶᠢ ᠲᠠᠬᠢᠪᠠ

ᠬᠠᠯᠬ᠎ᠠ ᠶᠢᠨ ᠮᠡᠷᠭᠡᠨ ᠲᠤᠤ ᠸᠠᠩ ᠦᠬᠡᠷ ᠦᠨ ᠰᠢᠷᠢ ᠪᠡᠷ ᠬᠡᠮᠵᠢᠵᠦ᠂ ᠥᠪᠡᠷ ᠦᠨ ᠨᠤᠲᠤᠭ ᠲᠤ ᠪᠠᠨ ᠠᠪᠴᠤ ᠦᠯᠡᠳᠡᠭᠰᠡᠨ ᠳᠣᠮᠣᠭ ᠲᠠᠢ ᠸᠠᠩ ᠤᠨ ᠴᠠᠭᠠᠨ ᠠᠭᠤᠯᠠ ᠶᠢ ᠡᠨᠡ ᠰᠠᠷ᠎ᠠ ᠶᠢᠨ 19  ᠳᠦ ᠲᠠᠬᠢᠯ᠎ᠠ᠃ ᠲᠠᠬᠢᠯᠭ᠎ᠠ ᠳᠤ ᠵᠣᠷᠢᠭᠤᠯᠤᠭᠰᠠᠨ ᠨᠠᠭᠠᠳᠤᠮ ᠳᠤ 64 ᠪᠥᠬᠡ ᠪᠠᠷᠢᠯᠳᠤᠵᠤ᠂ ᠳᠡᠭᠡᠳᠦ ᠭᠤᠷᠪᠠᠨ ᠨᠠᠰᠤᠨ ᠤ ᠮᠣᠷᠢ ᠤᠷᠤᠯᠳᠤᠨ᠂ ᠱᠠᠭ᠎ᠠ ᠶᠢᠨ ᠬᠠᠷᠪᠤᠭᠠᠴᠢᠳ ᠴᠡᠴᠡ ᠮᠡᠷᠭᠡᠨ ᠢᠶᠡᠨ ᠰᠣᠷᠢᠵᠠᠢ᠃

ᠸᠠᠩ ᠤᠨ ᠴᠠᠭᠠᠨ ᠠᠭᠤᠯᠠ ᠨᠢ ᠳᠣᠷᠣᠨᠠᠲᠤ ᠠᠶᠢᠮᠠᠭ ᠤᠨ ᠬᠠᠯᠬ᠎ᠠ ᠭᠣᠣᠯ ᠰᠤᠮᠤ ᠶᠢᠨ ᠨᠤᠲᠤᠭ ᠲᠤ ᠤᠯᠤᠰ ᠤᠨ ᠬᠢᠯᠢ ᠶᠢᠨ ᠨᠠᠭᠠᠨᠠᠬᠠᠨ ᠳᠠᠯᠠᠢ ᠶᠢᠨ ᠲᠥᠪᠰᠢᠨ ᠡᠴᠡ ᠳᠡᠭᠡᠭᠰᠢ 1099 ᠮᠧᠲ᠋ᠷ ᠥᠨᠳᠥᠷ ᠲᠦ ᠤᠷᠤᠰᠢᠬᠤ ᠡᠷᠲᠡᠨ ᠦ ᠲᠠᠬᠢᠯᠭᠠᠲᠤ ᠠᠭᠤᠯᠠ ᠶᠤᠮ᠃ ᠶᠡᠬᠡ ᠲᠠᠯ᠎ᠠ ᠶᠢᠨ ᠳᠤᠮᠳᠠ ᠣᠷᠣᠰᠢᠬᠤ ᠠᠭᠤᠯᠠ ᠤᠴᠢᠷ ᠠᠴᠠ ᠪᠠᠷ᠎ᠠ ᠨᠢ 40-150 ᠺᠢᠯᠣᠮᠧᠲ᠋ᠷ ᠤᠨ ᠠᠯᠤᠰ ᠠᠴᠠ ᠬᠠᠷᠠᠭᠳᠠᠳᠠᠭ᠃ ᠸᠠᠩ ᠤᠨ ᠴᠠᠭᠠᠨ ᠠᠭᠤᠯᠠ ᠶᠢᠨ ᠡᠷᠭᠢᠨ ᠲᠣᠭᠣᠷᠢᠨ ᠳᠤ ᠬᠠᠯᠬ᠎ᠠ ᠶᠢᠨ ᠮᠡᠷᠭᠡᠨ ᠸᠠᠩ ᠲᠤᠭᠲᠠᠬᠤᠲ᠋ᠦ᠋ᠷᠤ ᠠᠷᠠᠳ ᠤᠳ ᠲᠠᠢ ᠪᠠᠨ ᠨᠤᠲᠤᠭᠯᠠᠨ ᠠᠮᠢᠳᠤᠷᠠᠵᠤ ᠪᠠᠶᠢᠭᠰᠠᠨ ᠲᠡᠦᠬᠡ ᠲᠡᠢ᠃

 

ᠰᠡᠳᠬᠢᠭᠳᠡᠯ ᠦᠯᠡᠳᠡᠭᠡᠬᠦ