ᠲ ∙ ᠣᠳᠬᠣᠨᠵᠢᠷᠭᠠᠯ ᠳᠡᠯᠡᠬᠡᠢ ᠶᠢᠨ ᠲᠡᠮᠡᠴᠡᠭᠡᠨ ᠡᠴᠡ ᠮᠥᠩᠭᠥᠨ ᠮᠧᠳᠠᠯ ᠬᠦᠷᠲᠡᠯ᠎ᠡ | News.MN

ᠲ ∙ ᠣᠳᠬᠣᠨᠵᠢᠷᠭᠠᠯ ᠳᠡᠯᠡᠬᠡᠢ ᠶᠢᠨ ᠲᠡᠮᠡᠴᠡᠭᠡᠨ ᠡᠴᠡ ᠮᠥᠩᠭᠥᠨ ᠮᠧᠳᠠᠯ ᠬᠦᠷᠲᠡᠯ᠎ᠡ

ᠲ∙ᠣᠳᠬᠣᠨᠵᠢᠷᠭᠠᠯ ᠥᠰᠪᠦᠷᠢ ᠶᠢᠨ ᠵᠢᠤᠳᠤ᠋ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ 44 ᠺᠢᠯᠦᠭᠷᠡᠮ ᠤᠨ ᠵᠢᠩ ᠳᠦ ᠮᠥᠩᠭᠥᠨ ᠮᠧᠳᠠᠯ ᠬᠦᠷᠲᠡᠵᠡᠢ᠃ 2015 ᠣᠨ ᠳᠤ ᠪ ∙ ᠣᠶᠢᠳᠣᠪᠴᠢᠮᠡᠳ  ᠡᠨᠡ ᠲᠡᠮᠡᠴᠡᠭᠡᠨ ᠳᠦ ᠡᠨᠡ ᠵᠢᠩ ᠳᠦ ᠮᠥᠩᠭᠥᠨ ᠮᠧᠳᠠᠯ ᠠᠪᠴᠤ ᠪᠠᠢᠪᠠ᠃ ᠲ∙ᠣᠳᠬᠣᠨᠵᠢᠷᠭᠠᠯ ᠨᠢ ᠬᠥᠪᠰᠥᠭᠥᠯ ᠠᠶᠢᠮᠠᠭ ᠤᠨ ᠴᠠᠭᠠᠨᠨᠠᠭᠤᠷ ᠰᠤᠮᠤ ᠶᠢᠨ ᠤᠤᠭᠠᠯ᠂ ᠳᠠᠷᠬᠠᠳ ᠥᠬᠢᠨ᠃ ᠲᠡᠷᠡᠪᠡᠷ 2020 ᠣᠨ ᠤ ᠰᠠᠮᠪᠣ ᠪᠥᠬᠡ ᠶᠢᠨ ᠥᠰᠪᠦᠷᠢ ᠦᠶ᠎ᠡ ᠶᠢᠨ ᠤᠯᠤᠰ ᠤᠨ ᠠᠪᠤᠷᠭᠤ ᠰᠢᠯᠭᠠᠷᠠᠭᠤᠯᠬᠤ 37 ᠳ᠋ᠤᠭᠠᠷ ᠲᠡᠮᠡᠴᠡᠭᠡᠨ ᠳᠦ ᠠᠮᠵᠢᠯᠲᠠᠲᠠᠢ ᠣᠷᠣᠯᠴᠠᠵᠤ᠂  ᠠᠯᠲᠠᠨ  ᠮᠧᠳᠠᠯ ᠬᠦᠷᠲᠡᠭᠰᠡᠨ ᠪᠠᠢᠵᠠᠢ᠃
ᠥᠰᠪᠦᠷᠢ ᠶᠢᠨ ᠵᠢᠤᠳᠤ᠋ ᠪᠥᠬᠡ ᠶᠢᠨ ᠥᠰᠪᠦᠷᠢ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠢ  ᠡᠨᠡ ᠰᠠᠷ᠎ᠠ ᠶᠢᠨ 22-27 ᠡᠳᠦᠷ ᠦᠳ ᠲᠦ ᠾᠤᠷᠸᠠᠲ ᠤᠯᠤᠰ ᠲᠤ ᠵᠣᠬᠢᠶᠠᠨ  ᠪᠠᠢᠭᠤᠯᠵᠠᠢ᠃︽ ᠠᠪᠤ᠂ ᠡᠵᠢ ᠮᠠᠨᠢ  ᠮᠢᠨᠤ ᠲᠥᠯᠥᠭᠡ ᠪᠦᠬᠦᠨ ᠢᠶᠡᠨ ᠵᠣᠷᠢᠭᠤᠯᠤᠨ ᠳᠡᠮᠵᠢᠵᠦ ᠢᠷᠡᠭᠰᠡᠨ᠃ ᠲᠡᠶᠢᠮᠦ ᠡᠴᠡ ᠨᠠᠳᠠ ᠳᠤ ᠤᠬᠤᠷᠢᠬᠤ ᠡᠷᠬᠡ ᠪᠠᠶᠢᠬᠤ ᠦᠭᠡᠢ》ᠭᠡᠳᠡᠭ ᠢ ᠲ ∙ ᠣᠳᠬᠣᠨᠵᠢᠷᠭᠠᠯ ᠬᠡᠯᠡᠵᠦ ᠪᠠᠶᠢᠪᠠ᠃

ᠰᠡᠳᠬᠢᠭᠳᠡᠯ ᠦᠯᠡᠳᠡᠭᠡᠬᠦ