ᠠᠷᠬᠧᠣᠯᠣᠭᠢᠴᠢ ᠳ ∙ ᠡᠷᠳᠡᠨᠢᠪᠠᠭᠠᠲᠤᠷ ᠨᠠᠷ ᠤᠨ ᠬᠡᠷᠡᠭ ᠢ ᠰᠢᠭᠦᠬᠦ ᠳᠦ ᠰᠢᠯᠵᠢᠭᠦᠯᠵᠡᠢ | News.MN

ᠠᠷᠬᠧᠣᠯᠣᠭᠢᠴᠢ ᠳ ∙ ᠡᠷᠳᠡᠨᠢᠪᠠᠭᠠᠲᠤᠷ ᠨᠠᠷ ᠤᠨ ᠬᠡᠷᠡᠭ ᠢ ᠰᠢᠭᠦᠬᠦ ᠳᠦ ᠰᠢᠯᠵᠢᠭᠦᠯᠵᠡᠢ

ᠠᠷᠬᠧᠣᠯᠣᠭᠢᠴᠢ ᠳ∙ᠡᠷᠳᠡᠨᠢᠪᠠᠭᠠᠲᠤᠷ᠂ ᠲᠡᠭᠦᠨ ᠦ ᠳᠠᠭᠠᠪᠤᠷᠢ ᠬᠦᠦ᠂《ᠡᠮᠣᠼᠢ》ᠫᠷᠦᠳᠠᠺᠱᠢᠨ ᠤ ᠮᠧᠨᠧᠵᠧᠷ ᠮ ∙ᠠᠳ᠋ᠢᠶᠠᠨᠢᠮ᠎ᠠ ᠨᠠᠷ ᠲᠤ ᠬᠣᠯᠪᠣᠭᠳᠠᠬᠤ ᠬᠡᠷᠡᠭ ᠢ ᠫᠷᠣᠺᠦ᠋ᠷᠣᠷ ᠤᠨ ᠪᠠᠶᠢᠭᠤᠯᠤᠯᠭ᠎ᠠ ᠠᠴᠠ ᠴᠡᠩᠭᠡᠯᠲᠡᠢ ᠳᠡᠭᠦᠷᠭᠡ ᠶᠢᠨ ᠡᠷᠡᠭᠦᠦ ᠶᠢᠨ ᠬᠡᠷᠡᠭ ᠦᠨ ᠠᠩᠬᠠᠨ ᠱᠠᠲᠤᠨ ᠤ ᠰᠢᠭᠦᠬᠦ ᠳᠦ ᠰᠢᠯᠵᠢᠭᠦᠯᠵᠦ᠂ ᠨᠠᠢ᠌ᠮᠠᠳᠤᠭᠠᠷ ᠰᠠᠷ᠎ᠠ ᠶᠢᠨ 17  ᠳᠦ ᠬᠦᠯᠢᠶᠡᠨ ᠠᠪᠤᠭᠰᠠᠨ ᠪᠠᠶᠢᠨ᠎ᠠ᠃
ᠲᠡᠳᠡᠨ ᠢ ᠤᠷᠢᠳᠴᠢᠯᠠᠨ ᠦᠭᠰᠡᠨ ᠲᠣᠬᠢᠷᠠᠯᠴᠠᠵᠤ᠂ ᠠᠷᠬᠧᠣᠯᠣᠭᠢ ᠶᠢᠨ ᠣᠯᠳᠠᠪᠤᠷᠢ ᠪᠣᠯᠬᠤ ᠰᠤᠶᠤᠯ ᠤᠨ ᠪᠡᠶᠡᠲᠦ ᠥᠪ ᠢ ᠬᠤᠳᠠᠯᠳᠤᠬᠤ ᠪᠠᠷ ᠵᠠᠪᠳᠤᠭᠰᠠᠨ ᠭᠡᠬᠦ ᠬᠡᠷᠡᠭ ᠲᠦ ᠪᠤᠷᠤᠭᠤᠳᠬᠠᠵᠠᠢ᠃  ᠲᠤᠬᠠᠢᠯᠠᠪᠠᠯ ᠾᠦᠩᠨᠤ ᠭᠦᠷᠦᠨ ᠦ ᠦᠶ᠎ᠡ ᠶᠢᠨ ᠨᠡᠩ ᠬᠣᠪᠣᠷ ᠣᠯᠳᠠᠪᠤᠷᠢ ᠶᠢ ᠭᠠᠳᠠᠭᠠᠳᠤ ᠶᠢᠨ ᠢᠷᠭᠡᠨ ᠳᠦ ᠬᠠᠭᠠᠰ ᠲᠡᠷᠪᠤᠮ ᠭᠠᠷᠤᠢ ᠲᠥᠭᠥᠷᠢᠭ ᠢᠶᠡᠷ ᠬᠤᠳᠠᠯᠳᠤᠬᠤ ᠭᠡᠵᠦ ᠪᠠᠶᠢᠭᠰᠠᠨ ᠬᠦᠮᠦᠰ ᠢ ᠡᠷᠡᠭᠦᠦ ᠶᠢᠨ ᠴᠠᠭᠳᠠᠭ᠎ᠠ ᠶᠢᠨ ᠠᠯᠪᠠᠨ ᠤ ᠠᠵᠢᠯᠲᠠᠳ 2021 ᠣᠨ ᠤ ᠭᠤᠷᠪᠠᠳᠤᠭᠠᠷ ᠰᠠᠷ᠎ᠠ ᠳᠤ ᠦᠢᠯᠡᠳᠦᠯ ᠳᠡᠭᠡᠷ᠎ᠡ ᠨᠢ ᠳᠠᠶᠢᠴᠢᠯᠠᠨ ᠪᠠᠷᠢᠪᠴᠢᠯᠠᠭᠰᠠᠨ ᠪᠠᠶᠢᠳᠠᠭ᠃

ᠰᠡᠳᠬᠢᠭᠳᠡᠯ ᠦᠯᠡᠳᠡᠭᠡᠬᠦ