《ᠸᠧᠭᠠᠨ ᠹᠧᠰᠲ᠋ᠢᠸᠠᠯ》ᠡᠨᠡ ᠰᠠᠷ᠎ᠠ ᠶᠢᠨ 26᠂ 27  ᠤ ᠡᠳᠦᠷ ᠦᠳ ᠲᠦ ᠪᠣᠯᠤᠨ᠎ᠠ | News.MN

《ᠸᠧᠭᠠᠨ ᠹᠧᠰᠲ᠋ᠢᠸᠠᠯ》ᠡᠨᠡ ᠰᠠᠷ᠎ᠠ ᠶᠢᠨ 26᠂ 27  ᠤ ᠡᠳᠦᠷ ᠦᠳ ᠲᠦ ᠪᠣᠯᠤᠨ᠎ᠠ

ᠮᠣᠩᠭᠣᠯ ᠤᠨ ᠣᠷᠭᠠᠨᠢᠭ ᠨᠣᠭᠣᠭᠠᠨ ᠬᠦᠨᠡᠰᠦᠨ ᠦ ᠬᠣᠯᠪᠣᠭ᠎ᠠ ᠲᠥᠷᠥ ᠶᠢᠨ ᠪᠤᠰᠤ ᠪᠠᠶᠢᠭᠤᠯᠤᠯᠭ᠎ᠠ ᠠᠴᠠ ᠵᠣᠬᠢᠶᠠᠨ ᠪᠠᠶᠢᠭᠤᠯᠬᠤ 《ᠸᠧᠭᠠᠨ ᠹᠧᠰᠲ᠋ᠢᠸᠠᠯ -2023》ᠡᠨᠡ ᠰᠠᠷ᠎ᠠ ᠶᠢᠨ 26᠂ 27  ᠤ ᠡᠳᠦᠷ ᠦᠳ ᠲᠦ ᠪ ∙ᠶᠠᠪᠤᠭᠤᠬᠤᠯᠠᠩ ᠤᠨ ᠨᠡᠷᠡᠮᠵᠢᠲᠦ ᠴᠡᠴᠡᠷᠯᠢᠭᠲᠦ ᠬᠦᠷᠢᠶᠡᠯᠡᠩ ᠳᠦ ᠪᠣᠯᠤᠨ᠎ᠠ᠃ ᠬᠤᠶᠠᠳᠠᠬᠢ ᠵᠢᠯ ᠳᠦ ᠪᠡᠨ ᠵᠣᠬᠢᠶᠠᠨ ᠪᠠᠶᠢᠭᠤᠯᠵᠤ ᠪᠤᠢ ᠤᠭ ᠹᠧᠰᠲ᠋ᠢᠸᠠᠯ ᠨᠢ ᠳᠡᠯᠡᠬᠡᠢ ᠳᠠᠶᠠᠭᠠᠷ 8 ᠳ᠋ᠤᠭᠠᠷ ᠰᠠᠷ᠎ᠠ ᠶᠢᠨ 26  ᠳᠦ ᠲᠡᠮᠳᠡᠭᠯᠡᠳᠡᠭ 《ᠲᠥᠷᠥᠯ ᠵᠦᠢᠯ ᠢᠶᠡᠷ ᠢᠯᠭᠠᠪᠤᠷᠢᠯᠠᠬᠤ ᠶᠢ ᠵᠤᠭᠰᠤᠭᠠᠬᠤ ᠳᠡᠯᠡᠬᠡᠢ ᠶᠢᠨ ᠡᠳᠦᠷ》  ᠲᠡᠢ ᠬᠠᠮᠲᠤᠳᠬᠠᠨ 《ᠸᠧᠭᠠᠨ ᠪᠣᠯ ᠰᠢᠢᠳᠦᠯ》 ᠤᠷᠢᠶᠠᠨ ᠳᠣᠣᠷ᠎ᠠ ᠲᠡᠮᠳᠡᠭᠯᠡᠵᠦ ᠪᠠᠶᠢᠭ᠎ᠠ ᠪᠠᠷ ᠢᠶᠠᠨ ᠣᠨᠴᠠᠯᠢᠭ ᠶᠤᠮ᠃

ᠹᠧᠰᠲ᠋ᠢᠸᠠᠯ ᠤᠨ ᠵᠣᠷᠢᠯᠭ᠎ᠠ ᠨᠢ ᠳᠡᠯᠡᠬᠡᠢ ᠶᠢᠨ ᠳᠤᠯᠠᠭᠠᠷᠠᠯ᠂ ᠠᠭᠤᠷ ᠠᠮᠢᠰᠬᠤᠯ ᠤᠨ ᠥᠭᠡᠷᠡᠴᠢᠯᠡᠯᠲᠡ᠂ ᠠᠮᠢᠲᠠᠨ ᠤ ᠡᠷᠬᠡ᠂ ᠮᠣᠩᠭᠣᠯ ᠬᠦᠮᠦᠨ ᠦ ᠨᠠᠰᠤ ᠪᠠᠷᠠᠯᠲᠠ ᠶᠢᠨ ᠲᠡᠷᠢᠭᠦᠯᠡᠬᠦ ᠰᠢᠯᠲᠠᠭᠠᠨ ᠪᠣᠯᠤᠭᠰᠠᠨ ᠵᠢᠷᠦᠬᠡ ᠰᠤᠳᠠᠰᠤ᠂ ᠬᠣᠭᠣᠯᠠ ᠪᠣᠯᠪᠠᠰᠤᠷᠠᠭᠤᠯᠬᠤ ᠡᠷᠬᠡᠲᠡᠨ ᠦ ᠡᠪᠡᠳᠴᠢᠯᠡᠯ᠂ ᠬᠠᠪᠤᠳᠠᠷ ᠠᠴᠠ ᠤᠷᠢᠳᠴᠢᠯᠠᠨ ᠰᠡᠷᠭᠡᠶᠢᠯᠡᠬᠦ᠂ ᠡᠷᠡᠭᠦᠯ ᠵᠥᠪ ᠬᠣᠭᠣᠯᠠᠯᠠᠬᠤ ᠳᠠᠳᠤᠯ ᠵᠤᠷᠰᠢᠯ᠂ ᠤᠬᠠᠭᠠᠯᠢᠭ ᠬᠡᠷᠡᠭᠯᠡᠭᠡ ᠶᠢ ᠬᠡᠪᠰᠢᠭᠦᠯᠬᠦ᠂ ᠬᠣᠭ ᠬᠠᠶᠠᠭᠳᠠᠯ ᠢ ᠪᠠᠭᠤᠷᠠᠭᠤᠯᠬᠤ ᠵᠡᠷᠭᠡ ᠲᠤᠯᠭᠠᠮᠳᠠᠭᠰᠠᠨ ᠠᠰᠠᠭᠤᠳᠠᠯ ᠤᠨ ᠰᠢᠢᠳᠦᠯ ᠨᠢ ᠸᠧᠭᠠᠨ ᠪᠣᠯᠬᠤ ᠲᠤᠬᠠᠢ ᠳᠤ ᠬᠠᠷᠢᠭᠤᠯᠲᠠ ᠥᠭᠴᠦ᠂ ᠡᠨᠡ ᠲᠥᠷᠥᠯ ᠦᠨ ᠮᠡᠳᠡᠭᠡᠯᠡᠯ ᠢ ᠰᠢᠨᠵᠢᠯᠡᠬᠦ ᠤᠬᠠᠭᠠᠨ ᠤ ᠦᠨᠳᠦᠰᠦᠯᠡᠯ ᠲᠡᠢ ᠪᠡᠷ ᠣᠯᠠᠨ ᠲᠠᠯᠠᠲᠤ ᠪᠠᠶᠢᠳᠠᠯ ᠢᠶᠠᠷ ᠥᠭᠬᠦ ᠶᠠᠪᠤᠳᠠᠯ ᠶᠤᠮ᠃

ᠰᠡᠳᠬᠢᠭᠳᠡᠯ ᠦᠯᠡᠳᠡᠭᠡᠬᠦ