ᠪᠤᠤᠳᠠᠯᠭ᠎ᠠ ᠶᠢᠨ ᠰᠫᠣᠷᠲ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ 54 ᠳ᠋ᠡᠬᠢ ᠤᠳᠠᠭ᠎ᠠ ᠶᠢᠨ ᠲᠡᠮᠡᠴᠡᠭᠡᠨ ᠠᠽᠧᠷᠪᠠᠶᠢᠵᠠᠨ ᠤ ᠨᠡᠶᠢᠰᠯᠡᠯ ᠪᠠᠺᠦ᠋ ᠬᠤᠲᠠ ᠳᠤ ᠦᠷᠭᠦᠯᠵᠢᠯᠡᠵᠦ ᠪᠠᠶᠢᠨ᠎ᠠ᠃ ᠶᠢᠰᠦᠳᠦᠭᠡᠷ ᠰᠠᠷ᠎ᠠ ᠶᠢᠨ ᠨᠢᠭᠡᠨ ᠬᠦᠷᠲᠡᠯ᠎ᠡ ᠦᠷᠭᠦᠯᠵᠢᠯᠡᠬᠦ ᠲᠡᠮᠡᠴᠡᠭᠡᠨ ᠳᠦ ᠮᠣᠩᠭᠣᠯ ᠤᠯᠤᠰ ᠠᠴᠠ 15 ᠮᠡᠷᠭᠡᠨ ᠪᠤᠤᠴᠢ ᠣᠷᠣᠯᠴᠠᠵᠤ ᠪᠠᠶᠢᠨ᠎ᠠ᠃
ᠲᠡᠮᠡᠴᠡᠭᠡᠨ ᠦ ᠨᠠᠢ᠌ᠮᠠᠳᠠᠬᠢ ᠡᠳᠦᠷ ᠪᠤᠶᠤ 08 ᠰᠠᠷ᠎ᠠ ᠶᠢᠨ 22 ᠳᠦ ᠡᠮᠡᠭᠲᠡᠶᠢᠴᠦᠳ ᠦᠨ 50 ᠮᠧᠲ᠋ᠷ ᠦᠨ ᠤᠷᠲᠤ ᠪᠤᠤ ᠶᠢᠨ ᠭᠤᠷᠪᠠᠨ ᠪᠠᠶᠢᠷᠢᠯᠠᠯ ᠤᠨ ᠲᠥᠷᠥᠯ ᠳᠦ ᠥᠷᠢᠰᠦᠯᠳᠦᠭᠰᠡᠨ ᠣ᠊ ∙ ᠶᠢᠰᠦᠭᠡᠨ《ᠫᠠᠷᠢᠰ- 2024》 ᠤᠯᠢᠮᠫᠢᠺ ᠤᠨ ᠡᠷᠬᠡ ᠠᠪᠤᠯ᠎ᠠ᠃
ᠲᠡᠷᠡ ᠪᠡᠷ ᠪᠣᠰᠤᠭ᠎ᠠ ᠠᠴᠠ 192᠂ ᠬᠡᠪᠲᠡᠭᠡ ᠡᠴᠡ 198᠂ ᠰᠠᠭᠤᠭ᠎ᠠ ᠠᠴᠠ 197 ᠨᠡᠶᠢᠲᠡ 587 ᠣᠨᠣᠭ᠎ᠠ ᠠᠪᠴᠤ ᠭᠧᠷᠮᠠᠨ᠂ ᠫᠣᠯᠢᠰᠢ᠂ ᠠᠮᠧᠷᠢᠺᠠ ᠶᠢᠨ ᠨᠢᠭᠡᠳᠦᠭᠰᠡᠨ ᠤᠯᠤᠰ ᠤᠨ ᠲᠠᠮᠢᠷᠴᠢᠳ ᠲᠠᠢ ᠲᠡᠩᠴᠡᠭᠰᠡᠨ ᠪᠥᠭᠡᠳ ᠪᠠᠶᠢᠨ ᠣᠨᠣᠪᠠᠴᠤ ᠪᠠᠷ 11 ᠍ ᠳᠦᠭᠡᠷ ᠪᠠᠶᠢᠷᠢ ᠡᠵᠡᠯᠡᠭᠰᠡᠨ ᠶᠤᠮ᠃