ᠡᠨᠡ ᠰᠠᠷ᠎ᠠ ᠶᠢᠨ 20 ᠳᠤ ᠳ᠋ᠠᠨᠮᠠᠷᠺ ᠤᠯᠤᠰ ᠤᠨ ᠺᠤᠫᠧᠩᠬᠠᠭᠧᠨ ᠬᠤᠲᠠᠨ᠎ᠠ 《Ironman》 ᠣᠯᠠᠨ ᠤᠯᠤᠰ ᠤᠨ ᠲᠷᠢᠶᠠᠲᠯᠤᠨ ᠤ ᠲᠡᠮᠡᠴᠡᠭᠡᠨ ᠵᠣᠬᠢᠶᠠᠭᠳᠠᠪᠠ᠃ ᠲᠤᠰ ᠲᠡᠮᠡᠴᠡᠭᠡᠨ ᠳᠦ ᠮᠣᠩᠭᠣᠯ ᠢ ᠲᠥᠯᠦᠭᠡᠯᠡᠵᠦ ᠠᠮᠧᠷᠢᠺᠠ ᠳᠦ ᠳ᠋ᠣᠺᠲ᠋ᠣᠷᠠᠨᠲ ᠢᠶᠠᠷ ᠰᠤᠷᠤᠯᠴᠠᠭᠴᠢ ᠨ ∙ ᠳᠦᠯᠭᠡᠨᠨᠠᠷᠠᠨ᠂ ᠳ᠋ᠠᠨᠮᠠᠷᠺ ᠤᠯᠤᠰ ᠲᠤ ᠠᠵᠢᠯᠯᠠᠳᠠᠭ ᠪ ∙ ᠰᠦᠪᠡᠭᠡᠳᠡᠢ ᠣᠷᠣᠯᠴᠠᠭᠰᠠᠨ ᠪᠥᠭᠡᠳ ᠲᠡᠮᠡᠴᠡᠭᠡᠨ ᠢᠶᠡᠨ ᠳᠠᠭᠤᠰᠬᠠᠭᠰᠠᠨ ᠠᠩᠬᠠᠨ ᠤ ᠮᠣᠩᠭᠣᠯ ᠢᠷᠭᠡᠳ ᠪᠣᠯᠪᠠ᠃
ᠲᠤᠰ ᠲᠡᠮᠡᠴᠡᠭᠡᠨ ᠨᠢ ᠨᠢᠭᠡ ᠡᠳᠦᠷ ᠲᠦ ᠤᠰᠤᠨ ᠳᠤ ᠰᠡᠯᠢᠯᠲᠡ᠂ ᠭᠦᠶᠦᠯᠲᠡ᠂ ᠳᠤᠭᠤᠢ ᠶᠢᠨ ᠭᠡᠬᠦ ᠭᠤᠷᠪᠠᠨ ᠲᠥᠷᠥᠯ ᠢᠶᠡᠷ ᠶᠠᠪᠤᠭᠳᠠᠳᠠᠭ ᠪᠥᠭᠡᠳ ᠡᠨᠡ ᠵᠢᠯ 2000 ᠣᠷᠴᠢᠮ ᠲᠠᠮᠢᠷᠴᠢᠨ ᠣᠷᠣᠯᠴᠠᠭᠰᠠᠨ ᠠᠴᠠ ᠲᠡᠷᠡ ᠬᠤᠶᠠᠷ 755᠂ 1244 ᠳᠦᠭᠡᠷ ᠪᠠᠶᠢᠷᠢ ᠳᠤ ᠲᠤᠰ ᠲᠤᠰ ᠣᠷᠣᠵᠠᠢ᠃ ᠣᠷᠣᠯᠴᠠᠭᠴᠢᠳ ᠰᠡᠯᠢᠯᠲᠡ ᠶᠢᠨ ᠲᠥᠷᠥᠯ ᠳᠦ 3.9 ᠺᠢᠯᠣᠮᠧᠲ᠋ᠷ᠂ ᠳᠤᠭᠤᠢ ᠲᠠᠢ 180 ᠺᠢᠯᠣᠮᠧᠲ᠋ᠷ᠂ ᠮᠠᠷᠠᠹᠣᠨ ᠭᠦᠶᠦᠯᠲᠡ ᠪᠡᠷ 42.2 ᠺᠢᠯᠣᠮᠧᠲ᠋ᠷ ᠤᠨ ᠵᠠᠢ ᠶᠢ ᠲᠤᠭᠤᠯᠤᠭᠰᠠᠨ ᠪᠠᠶᠢᠨ᠎ᠠ᠃