ᠡᠮᠦᠨᠡᠭᠣᠪᠢ ᠠᠶᠢᠮᠠᠭ ᠦᠨ ᠴᠣᠭᠲᠤᠴᠡᠴᠡᠢ ᠰᠤᠮᠤ ᠶᠢᠨ ᠡᠮᠨᠡᠯᠭᠡ ᠳᠦ ᠥᠨᠳᠥᠷ ᠡᠴᠡ ᠤᠨᠠᠵᠤ᠂ ᠲᠠᠷᠢᠬᠢᠨ ᠳᠤ ᠪᠠᠨ ᠬᠦᠨᠳᠦ ᠭᠡᠮᠲᠦᠯ ᠠᠪᠤᠭᠰᠠᠨ ᠢᠷᠭᠡᠨ ᠢ ᠠᠷᠤ ᠭᠡᠷ ᠤᠨ ᠬᠢᠨ ᠨᠢ ᠨᠢᠰᠳᠡᠭ ᠲᠡᠷᠭᠡ ᠪᠡᠷ ᠭᠡᠮᠲᠦᠯ ᠰᠣᠭᠣᠭ ᠰᠤᠳᠤᠯᠤᠯ ᠤᠨ ᠦᠨᠳᠦᠰᠦᠨ ᠦ ᠲᠥᠪ ᠲᠦ ᠬᠦᠷᠭᠡᠬᠦ ᠲᠤᠬᠠᠢ ᠬᠦᠰᠡᠯᠲᠡ ᠶᠢ ᠣᠨᠴᠠᠭᠠᠢ ᠪᠠᠶᠢᠳᠠᠯ ᠤᠨ ᠶᠡᠷᠦᠩᠬᠡᠢ ᠭᠠᠵᠠᠷ ᠲᠤ ᠲᠠᠯᠪᠢᠭᠰᠠᠨ ᠪᠠᠶᠢᠨ᠎ᠠ᠃
ᠢᠩᠭᠢᠭᠡᠳ ᠣᠨᠴᠠᠭᠠᠢ ᠪᠠᠶᠢᠳᠠᠯ ᠤᠨ ᠶᠡᠷᠦᠩᠬᠡᠢ ᠭᠠᠵᠠᠷ ᠤᠨ ᠳᠠᠷᠤᠭ᠎ᠠ ᠶᠢᠨ ᠰᠢᠢᠳᠪᠦᠷᠢ ᠪᠡᠷ《ЕС-145》ᠵᠠᠭᠪᠤᠷ ᠤᠨ ᠨᠢᠰᠳᠡᠭ ᠲᠡᠷᠭᠡ︵ᠨᠢᠰᠬᠡᠭᠴᠢ 2᠂ ᠢᠨᠵᠧᠨᠧᠷ 1᠂ ᠡᠮᠴᠢ 1᠂ ᠰᠤᠪᠢᠯᠠᠭᠴᠢ 1᠂ ᠨᠡᠶᠢᠲᠡ 5 ᠬᠦᠮᠦᠨ ᠦ ᠪᠦᠷᠢᠯᠳᠦᠬᠦᠨ ᠲᠡᠢ︶ᠡᠨᠡ ᠰᠠᠷ᠎ᠠ ᠶᠢᠨ 20 ᠤ 06᠄46 ᠴᠠᠭ ᠲᠤ ᠤᠯᠠᠭᠠᠨᠪᠠᠭᠠᠲᠤᠷ ᠬᠣᠲᠠ ᠠᠴᠠ ᠬᠦᠳᠡᠯᠵᠦ᠂ ᠴᠣᠭᠲᠤᠴᠡᠴᠡᠢ ᠰᠤᠮᠤᠨ ᠳᠤ 09᠄08 ᠴᠠᠭ ᠲᠤ ᠪᠠᠭᠤᠭᠰᠠᠨ᠃
ᠲᠡᠭᠡᠭᠡᠳ ᠤᠬᠠᠭᠠᠨ ᠦᠭᠡᠢ ᠢᠷᠭᠡᠨ ᠢ ᠤᠯᠠᠭᠠᠨᠪᠠᠭᠠᠲᠤᠷ ᠬᠤᠲᠠ ᠳᠤ 12᠄54 ᠴᠠᠭ ᠲᠤ ᠲᠡᠭᠡᠭᠡᠪᠦᠷᠢᠯᠡᠨ ᠠᠪᠴᠢᠷᠠᠵᠤ ᠂ ᠭᠡᠮᠲᠦᠯ ᠰᠣᠭᠣᠭ ᠰᠤᠳᠤᠯᠤᠯ ᠤᠨ ᠦᠨᠳᠦᠰᠦᠨ ᠦ ᠲᠥᠪ ᠦᠨ ᠡᠷᠴᠢᠮᠲᠦ ᠡᠮᠴᠢᠯᠡᠭᠡᠨ ᠦ ᠡᠮᠴᠢ ᠳᠦ ᠡᠰᠡᠨ ᠮᠡᠨᠳᠦ ᠬᠦᠯᠢᠶᠡᠯᠭᠡᠨ ᠥᠭᠴᠡᠢ᠃