ᠬᠥᠪᠰᠥᠭᠥᠯ ᠦᠨ 13 ᠨᠠᠰᠤᠲᠠᠢ ᠥᠬᠢᠨ ᠨᠣᠮ ᠤᠷᠴᠢᠭᠤᠯᠵᠠᠢ | News.MN

ᠬᠥᠪᠰᠥᠭᠥᠯ ᠦᠨ 13 ᠨᠠᠰᠤᠲᠠᠢ ᠥᠬᠢᠨ ᠨᠣᠮ ᠤᠷᠴᠢᠭᠤᠯᠵᠠᠢ

ᠬᠡᠦᠬᠡᠳ ᠦᠳ ᠥᠪᠡᠷ ᠦᠨ ᠢᠶᠡᠨ ᠶᠠᠭᠤᠨ ᠳᠤ ᠳᠤᠷᠠᠲᠠᠢ᠂ ᠢᠷᠡᠭᠡᠳᠦᠢ ᠳᠦ ᠶᠠᠮᠠᠷ ᠬᠦᠮᠦᠨ ᠪᠣᠯᠬᠤ ᠪᠠᠨ ᠲᠣᠳᠣᠷᠬᠠᠶᠢᠯᠠᠴᠢᠬᠠᠪᠠᠯ ᠴᠢᠯᠦᠭᠡᠲᠦ ᠴᠠᠭ ᠢᠶᠠᠨ ᠦᠷ᠎ᠡ ᠪᠦᠲᠦᠭᠡᠯ ᠲᠡᠢ ᠥᠩᠭᠡᠷᠡᠭᠦᠯᠳᠡᠭ᠃ ᠬᠥᠪᠰᠥᠭᠥᠯ ᠠᠶᠢᠮᠠᠭ ᠤᠨ ᠲᠣᠰᠣᠨᠴᠡᠩᠭᠡᠯ ᠰᠤᠮᠤᠨ ᠳᠤ ᠠᠮᠢᠳᠤᠷᠠᠳᠠᠭ ᠴ ∙ ᠡᠨᠡᠷᠢᠯ ᠥᠬᠢᠨ ᠭᠤᠷᠪᠠᠨ ᠵᠢᠯ ᠦᠨ ᠡᠮᠦᠨ᠎ᠡ ᠠᠩᠬ᠎ᠠ ᠺᠣᠳ᠋ ᠭᠡᠵᠦ ᠶᠠᠭᠤ ᠪᠠᠶᠢᠳᠠᠭ ᠲᠠᠯ᠎ᠠ ᠪᠠᠷ ᠰᠣᠨᠣᠰᠴᠤ᠂ ᠢᠨᠲ᠋ᠧᠷᠨᠧᠲ ᠢᠶᠡᠷ ᠰᠤᠳᠤᠯᠵᠤ ᠡᠬᠢᠯᠡᠭᠰᠡᠨ ᠪᠠᠶᠢᠨ᠎ᠠ᠃ ᠥᠪᠡᠷ ᠦᠨ  ᠬᠢᠨᠢ ᠲᠣᠭᠯᠠᠬᠤ ᠳᠤᠷᠠᠲᠠᠢ ᠲᠣᠭᠯᠠᠭᠠᠮ᠂ ᠢᠨᠲ᠋ᠧᠷᠨᠧᠲ ᠤᠷᠴᠢᠨ ᠳᠤ ᠪᠠᠶᠢᠭ᠎ᠠ ᠪᠦᠬᠦ ᠵᠦᠢᠯ ᠺᠣᠳ᠋ ᠳᠡᠭᠡᠷ᠎ᠡ ᠲᠤᠯᠭᠠᠭᠤᠷᠢᠯᠠᠳᠠᠭ ᠭᠡᠳᠡᠭ ᠢ ᠮᠡᠳᠡᠭᠰᠡᠨ ᠲᠡᠷᠡ ᠪᠡᠷ ᠴᠢᠯᠦᠭᠡᠲᠦ ᠴᠠᠭ ᠢᠶᠠᠷ ᠢᠶᠠᠨ ᠢᠨᠲ᠋ᠧᠷᠨᠧᠲ ᠤᠷᠴᠢᠨ ᠳᠤ 5 ᠬᠦᠷᠲᠡᠯᠡᠬᠢ ᠴᠠᠭ ᠢ ᠺᠣᠳ᠋ ᠪᠢᠴᠢᠬᠦ ᠳᠦ ᠵᠠᠷᠤᠴᠠᠭᠤᠯᠳᠠᠭ ᠪᠠᠶᠢᠨ᠎ᠠ᠃
ᠮᠥᠨ ᠮᠣᠩᠭᠣᠯ ᠬᠡᠯᠡ ᠳᠡᠭᠡᠷ᠎ᠡ ᠺᠤᠮᠫᠢᠦ᠋ᠲ᠋ᠧᠷ ᠦᠨ ᠲᠤᠬᠠᠢ᠂ ᠺᠣᠳ᠋ ᠪᠢᠴᠢᠬᠦ ᠲᠤᠬᠠᠢ ᠨᠣᠮ ᠲᠣᠪᠬᠢᠮᠠᠯ ᠬᠣᠪᠣᠷ ᠪᠠᠶᠢᠳᠠᠭ ᠪᠣᠯᠬᠣᠷ ᠵᠣᠷᠢᠯᠭ᠎ᠠ ᠨᠢᠭᠡᠲᠡᠢ ᠦᠶ᠎ᠡ ᠶᠢᠨ ᠬᠢᠨ ᠳᠦ ᠪᠡᠨ ᠵᠣᠷᠢᠭᠤᠯᠤᠨ ᠨᠣᠮ ᠣᠷᠴᠢᠭᠤᠯᠬᠤ ᠠᠴᠠ ᠭᠠᠳᠠᠨ᠎ᠠ ᠣᠳᠣ ᠠᠶᠠᠯᠠᠯ ᠵᠢᠭᠤᠯᠴᠢᠯᠠᠯ ᠤᠨ ᠸᠸᠪ ᠬᠠᠭᠤᠳᠠᠰᠤ ᠬᠢᠵᠦ ᠪᠠᠶᠢᠭ᠎ᠠ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ