ᠣᠯᠠᠨ ᠤᠯᠤᠰ ᠤᠨ ᠺᠣᠨᠲ᠋ᠧᠨᠲ ᠪᠦᠲᠦᠭᠡᠭᠴᠢᠳ ᠦᠨ《Nas Summit-2023》 ᠠᠷᠭ᠎ᠠ ᠬᠡᠮᠵᠢᠶ᠎ᠡ ᠶᠢ ᠰᠤᠶᠤᠯ ᠤᠨ ᠶᠠᠮᠤᠨ ᠪᠣᠯᠤᠨ ᠪᠠᠶᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠶᠠᠮᠤᠨ ᠬᠠᠮᠲᠤᠷᠠᠨ ᠵᠣᠬᠢᠶᠠᠨ ᠪᠠᠢᠭᠤᠯᠵᠠᠢ᠃
ᠤᠭ ᠠᠷᠭ᠎ᠠ ᠬᠡᠮᠵᠢᠶᠡᠨ ᠳᠦ ᠤᠷᠤᠯᠴᠠᠭᠰᠠᠨ ᠣᠯᠠᠨ ᠤᠯᠤᠰ ᠤᠨ 20 ᠭᠠᠷᠤᠢ ᠺᠣᠨᠲ᠋ᠧᠨᠲ ᠪᠦᠲᠦᠭᠡᠭᠴᠢᠳ ᠦᠨ ᠨᠡᠶᠢᠲᠡ ᠳᠠᠭᠠᠭᠴᠢᠳ ᠤᠨ ᠲᠣᠭ᠎ᠠ 300 ᠣᠷᠴᠢᠮ ᠰᠠᠶ᠎ᠠ᠃ ᠲᠡᠳᠡ ᠮᠠᠨ ᠤ ᠣᠷᠣᠨ ᠢᠶᠠᠷ ᠠᠶᠠᠯᠠᠵᠤ᠂ ᠡᠭᠦᠨ ᠳᠣᠲᠣᠷ᠎ᠠ ᠪᠠᠨ《ᠨᠡᠭᠦᠳᠡᠯᠴᠢᠨ ᠮᠣᠩᠭᠣᠯ-2023》 ᠰᠤᠶᠤᠯ ᠤᠨ ᠪᠡᠶᠡᠲᠦ ᠪᠤᠰᠤ ᠥᠪ ᠦᠨ ᠶᠡᠬᠡ ᠨᠠᠭᠠᠳᠤᠮ ᠳᠤ ᠵᠣᠴᠢᠯᠠᠨ᠂ ᠮᠣᠩᠭᠣᠯ ᠰᠤᠶᠤᠯ ᠤᠨ ᠥᠪ᠂ ᠠᠬᠤᠢ ᠤᠯᠠᠮᠵᠢᠯᠠᠯ ᠲᠠᠢ ᠲᠠᠨᠢᠯᠴᠠᠵᠤ ᠲᠡᠭᠦᠪᠡᠷ ᠺᠣᠨᠲ᠋ᠧᠨᠲ ᠪᠦᠲᠦᠭᠡᠵᠦ ᠳᠡᠯᠡᠬᠡᠢ ᠳᠦ ᠲᠦᠭᠡᠭᠡᠨ ᠳᠡᠯᠭᠡᠷᠡᠭᠦᠯᠦᠨ᠎ᠡ᠃
ᠡᠭᠦᠨ ᠳᠦ ᠴᠠᠬᠢᠮ ᠬᠠᠭᠤᠳᠠᠰᠤ ᠨᠤᠭᠤᠳ ᠲᠠᠭᠠᠨ 40 ᠭᠠᠷᠤᠢ ᠰᠠᠶ᠎ᠠ ᠳᠠᠭᠠᠭᠴᠢ ᠲᠠᠢ Nas Daily ᠪᠣᠯᠤᠨ ᠲᠡᠭᠦᠨ ᠦ ᠪᠠᠭ ᠤᠨ ᠬᠢᠨ ᠮᠣᠩᠭᠣᠯ ᠣᠷᠣᠨ ᠤ ᠲᠤᠬᠠᠢ 6 ᠰᠡᠳᠦᠪ ᠢᠶᠡᠷ ᠺᠣᠨᠲ᠋ᠧᠨᠲ ᠭᠠᠷᠭᠠᠬᠤ ᠪᠠ ᠮᠣᠩᠭᠣᠯ ᠡᠮᠡᠭᠲᠡᠶᠢᠴᠦᠳ ᠢ ᠣᠨᠴᠠᠯᠠᠭᠰᠠᠨ ᠡᠬᠢᠨ ᠦ ᠸᠢᠳᠢᠣ᠋ ᠣᠯᠠᠨ ᠨᠡᠶᠢᠲᠡ ᠳᠦ ᠬᠦᠷᠴᠦ᠂ ᠥᠴᠥᠭᠡᠳᠦᠷ ᠣᠷᠣᠢ ᠶᠢᠨ ᠪᠠᠶᠢᠳᠠᠯ ᠢᠶᠠᠷ ᠨᠡᠶᠢᠲᠡ 70 ᠰᠠᠶ᠎ᠠ ᠬᠦᠮᠦᠨ ᠦᠵᠡᠵᠡᠢ᠃