ᠣᠯᠠᠨ ᠤᠯᠤᠰ ᠤᠨ ᠪᠦᠵᠢᠭ ᠦᠨ ᠲᠡᠮᠡᠴᠡᠭᠡᠨ ᠳᠦ ᠥᠬᠢᠳ ᠤᠳ ᠠᠮᠵᠢᠯᠲᠠ ᠲᠠᠢ ᠣᠷᠣᠯᠴᠠᠯ᠎ᠠ | News.MN

ᠣᠯᠠᠨ ᠤᠯᠤᠰ ᠤᠨ ᠪᠦᠵᠢᠭ ᠦᠨ ᠲᠡᠮᠡᠴᠡᠭᠡᠨ ᠳᠦ ᠥᠬᠢᠳ ᠤᠳ ᠠᠮᠵᠢᠯᠲᠠ ᠲᠠᠢ ᠣᠷᠣᠯᠴᠠᠯ᠎ᠠ

ᠪᠦᠭᠦᠳᠡ ᠨᠠᠢᠷᠠᠮᠳᠠᠬᠤ ᠰᠤᠯᠤᠩᠭᠤᠰ ᠤᠯᠤᠰ ᠤᠨ ᠰᠸᠦ᠋ᠯ ᠬᠤᠲᠠᠨ᠎ᠠ  ᠨᠠᠢ᠌ᠮᠠᠳᠤᠭᠠᠷ ᠰᠠᠷ᠎ᠠ ᠶᠢᠨ 10-14  ᠦ ᠬᠣᠭᠣᠷᠣᠨᠳᠣ ᠵᠣᠬᠢᠶᠠᠨ ᠪᠠᠶᠢᠭᠤᠯᠤᠭᠳᠠᠭᠰᠠᠨ ᠳᠤᠯᠤᠳᠠᠬᠢ ᠤᠳᠠᠭ᠎ᠠ ᠶᠢᠨ《Tanzolymp Asia international dance competition》 ᠲᠡᠮᠡᠴᠡᠭᠡᠨ ᠳᠦ ᠠᠽᠢᠶ᠎ᠠ ᠶᠢᠨ ᠪᠥᠰᠡ ᠶᠢᠨ 400 ᠭᠠᠷᠤᠢ ᠪᠠᠯᠧᠲᠴᠢᠳ ᠣᠷᠣᠯᠴᠠᠭᠰᠠᠨ ᠪᠠᠶᠢᠨ᠎ᠠ᠃
ᠲᠤᠰ ᠲᠡᠮᠡᠴᠡᠭᠡᠨ ᠨᠢ 《The International Dance Festival TANZOLYMP》 ᠨᠠᠭᠠᠳᠤᠮ ᠤᠨ ᠠᠽᠢᠶ᠎ᠠ ᠶᠢᠨ ᠪᠥᠰᠡ ᠶᠢᠨ ᠤᠷᠢᠳᠴᠢᠯᠠᠭᠰᠠᠨ ᠱᠠᠲᠤᠨ ᠤ ᠲᠡᠮᠡᠴᠡᠭᠡᠨ ᠪᠥᠭᠡᠳ ᠵᠢᠯ ᠪᠦᠷᠢ ᠭᠧᠷᠮᠠᠨ ᠤᠯᠤᠰ ᠤᠨ ᠪᠧᠷᠯᠢᠨ ᠬᠤᠲᠠ ᠳᠤ ᠹᠢᠨᠠᠯ ᠤᠨ ᠱᠠᠲᠤᠨ ᠤ ᠰᠢᠯᠭᠠᠷᠠᠭᠤᠯᠤᠯᠲᠠ ᠵᠣᠬᠢᠶᠠᠨ ᠪᠠᠶᠢᠭᠤᠯᠤᠭᠳᠠᠳᠠᠭ᠃ ᠬᠤᠷᠢᠳᠠᠬᠢ ᠤᠳᠠᠭ᠎ᠠ ᠶᠢᠨ ᠹᠢᠨᠠᠯ ᠤᠨ ᠱᠠᠲᠤᠨ ᠤ ᠰᠢᠯᠭᠠᠷᠠᠭᠤᠯᠤᠯᠲᠠ 2024 ᠣᠨ ᠤ ᠬᠤᠶᠠᠳᠤᠭᠠᠷ ᠰᠠᠷ᠎ᠠ ᠶᠢᠨ 16  ᠳᠦ ᠡᠬᠢᠯᠡᠨ᠎ᠡ᠃
ᠮᠠᠨ ᠤ ᠤᠯᠤᠰ ᠠᠴᠠ《 ᠰᠢᠯᠢᠹᠢᠳᠠ ᠪᠠᠯᠧᠲ ᠤᠨ ᠰᠤᠷᠭᠠᠭᠤᠯᠢ》 ᠶᠢᠨ 7  ᠰᠤᠷᠤᠭᠴᠢ ᠤᠷᠤᠯᠴᠠᠭᠰᠠᠨ ᠠᠴᠠ ᠭᠣᠴᠣᠯᠠᠯ ᠲᠥᠷᠥᠯ ᠦᠨ Pre junior 1 ᠠᠩᠭᠢᠯᠠᠯ ᠳᠤ᠂ ᠮ∙ᠨᠣᠮᠢᠨ ᠠᠯᠲᠠᠨ ᠮᠧᠳᠠᠯ᠂ ᠳ∙ᠰᠠᠷᠠᠭᠤᠯ᠂ ᠡ᠊∙ᠤᠷᠠᠨᠲᠡᠭᠦᠰ ᠮᠥᠩᠭᠥᠨ ᠮᠧᠳᠠᠯ᠂ ᠲ ∙ ᠭᠡᠷᠡᠯᠲᠣᠰᠣᠨᠳᠣᠷ ᠬᠦᠷᠡᠯ ᠮᠧᠳᠠᠯ ᠤᠯᠵᠠᠢ᠃

ᠰᠡᠳᠬᠢᠭᠳᠡᠯ ᠦᠯᠡᠳᠡᠭᠡᠬᠦ