ᠣᠶᠢᠷᠠᠳ ᠤᠨ ᠵᠠᠶᠠᠭᠠᠴᠢ ᠲᠩᠷᠢ | News.MN

ᠣᠶᠢᠷᠠᠳ ᠤᠨ ᠵᠠᠶᠠᠭᠠᠴᠢ ᠲᠩᠷᠢ

ᠣᠶᠢᠷᠠᠳ ᠮᠣᠩᠭᠣᠯᠴᠤᠳ ᠭᠡᠷ ᠦᠨ ᠤᠩᠭᠤ ᠪᠠᠨ ᠵᠠᠶᠠᠭᠠᠴᠢ ᠲᠩᠷᠢ ᠪᠤᠶᠤ ᠡᠵᠡ  ᠭᠡᠵᠦ ᠨᠡᠷᠡᠯᠡᠳᠡᠭ᠃ ᠤᠤᠯᠭ᠎ᠠ ᠠᠯᠳᠠᠬᠤ ᠳᠤ ᠪᠠᠨ 《ᠵᠠᠶᠠᠭᠠᠴᠢ ᠡ ᠵᠠᠶᠠᠭᠠᠴᠢ》 ᠭᠡᠬᠦ ᠪᠠ ᠡᠪᠦᠭᠡ ᠳᠡᠭᠡᠳᠦᠰ ᠦᠨ ᠰᠦᠨᠡᠰᠦ ᠰᠠᠬᠢᠭᠤᠰᠤ᠂ ᠲᠤᠬᠠᠢ ᠶᠢᠨ ᠠᠶᠢᠯ ᠤᠨ ᠬᠠᠮᠠᠭᠠᠯᠠᠭᠴᠢ ᠭᠡᠵᠦ ᠶᠠᠷᠢᠯᠴᠠᠳᠠᠭ᠃ ᠰᠠᠶ᠋ᠢᠬᠠᠨ ᠢ ᠬᠦᠷᠲᠡᠯ᠎ᠡ ᠠᠶᠢᠯ ᠪᠦᠷᠢ ᠥᠪᠡᠷ ᠦᠨ ᠤᠳᠤᠮ ᠤᠨ ᠰᠠᠬᠢᠭᠤᠰᠤ ᠣᠩᠭᠣ ᠲᠠᠢ ᠪᠠᠶᠢᠭᠰᠠᠨ ᠶᠤᠮ᠃ ᠬᠡᠦᠬᠡᠳ ᠪᠣᠯᠭᠠᠨ ᠡᠨᠡ ᠳᠡᠯᠡᠬᠡᠢ ᠳᠦ ᠲᠥᠷᠥᠬᠦ ᠳᠦ ᠪᠡᠨ ᠥᠪᠡᠷ ᠦᠨ ᠭᠡᠰᠡᠨ ᠵᠠᠶᠠᠭᠠᠴᠢ ᠲᠩᠷᠢ ᠲᠡᠢ ᠪᠡᠨ ᠴᠤᠭ ᠲᠥᠷᠦᠳᠡᠭ ᠪᠥᠭᠡᠳ ᠨᠥᠭᠥᠭᠡ ᠵᠠᠶᠠᠭᠠᠴᠢ ᠨᠢ ᠬᠡᠦᠬᠡᠳ ᠢ ᠬᠠᠯᠲᠤᠷᠢᠬᠤ ᠪᠠᠷ ᠨᠢ ᠲᠦᠰᠢᠵᠦ᠂  ᠬᠠᠵᠠᠢᠬᠤ ᠳᠤ ᠨᠢ ᠲᠤᠯᠵᠤ ᠬᠦᠮᠦᠨ ᠪᠣᠯᠭᠠᠳᠠᠭ ᠭᠡᠯᠴᠡᠳᠡᠭ᠃
ᠡᠷᠲᠡ ᠴᠠᠭ ᠲᠤ ᠨᠢᠭᠡ ᠪᠠᠶᠠᠨ ᠠᠶᠢᠯ ᠤᠨ ᠴᠡᠭᠡᠷᠴᠢ᠂ ᠴᠡᠪᠡᠷᠴᠢ ᠭᠡᠵᠦ ᠵᠢᠭᠲᠡᠢᠬᠡᠨ ᠭᠡᠷᠭᠡᠢ ᠬᠡᠦᠬᠡᠳ ᠦᠨ ᠢᠶᠡᠨ ᠬᠥᠯ ᠢ ᠰᠢᠷᠣᠢ ᠳᠦ᠂ ᠭᠠᠷ ᠢ ᠨᠢ ᠲᠣᠰᠤᠨ ᠳᠤ ᠬᠦᠷᠭᠡᠯ ᠦᠭᠡᠢ ᠠᠷᠴᠢᠵᠤ ᠵᠦᠯᠭᠦᠨ ᠠᠰᠠᠷᠠᠳᠠᠭ ᠪᠠᠢᠪᠠ᠃ ᠢᠳᠡᠵᠦ ᠤᠤᠭᠤᠳᠠᠭ ᠶᠠᠭᠤᠮᠠᠨ ᠠᠴᠠ ᠨᠢ ᠦᠷᠳᠡᠰᠦ ᠴᠤ ᠭᠠᠵᠠᠷ ᠤᠨᠠᠳᠠᠭ ᠦᠭᠡᠢ᠃ ᠡᠶᠢᠮᠦ ᠡᠴᠡ ᠥᠪᠡᠷ ᠢ ᠨᠢ ᠬᠠᠮᠠᠭᠠᠯᠠᠳᠠᠭ ᠬᠥᠯ ᠲᠡᠢ ᠵᠠᠶᠠᠭᠠᠴᠢ ᠲᠩᠷᠢ ᠨᠢ ᠥᠯᠥᠰᠴᠦ ᠬᠠᠷᠠᠩᠭᠠᠯᠠᠭᠠᠳ᠂ ᠥᠭᠡᠷ᠎ᠡ ᠠᠶᠢᠯ ᠤᠨ ᠨᠢᠯᠬᠠᠰ ᠤᠨ ᠠᠰᠬᠠᠵᠤ ᠴᠢᠳᠬᠤᠭᠰᠠᠨ ᠬᠣᠭᠣᠯᠠ ᠬᠣᠲᠠᠨ ᠠᠴᠠ ᠬᠦᠷᠲᠡᠭᠰᠡᠭᠡᠷ ᠢᠷᠡᠬᠦ ᠳᠦ ᠨᠥᠭᠥᠭᠡ ᠬᠦᠦ ᠡᠨᠳᠡᠴᠢᠬᠡᠭᠰᠡᠨ ᠪᠠᠶᠢᠭᠰᠠᠨ ᠭᠡᠯᠴᠡᠬᠦ᠃ ᠬᠡᠦᠬᠡᠳ ᠬᠣᠭᠣᠯᠠ ᠤᠮᠳᠠ ᠪᠠᠨ ᠠᠰᠬᠠᠵᠤ ᠴᠢᠳᠬᠤᠵᠤ ᠪᠠᠶᠢᠵᠤ᠂ ᠥᠪᠡᠷ ᠢᠶᠡᠨ ᠢᠳᠡᠵᠦ ᠤᠤᠭᠤᠵᠤ ᠰᠤᠷᠳᠠᠭ᠂ ᠢᠩᠭᠢᠬᠦ ᠳᠦ ᠪᠡᠨ ᠵᠠᠶᠠᠭᠠᠴᠢ ᠲᠩᠷᠢ ᠪᠡᠨ ᠴᠤᠭ ᠬᠣᠭᠣᠯᠠᠯᠠᠵᠤ ᠪᠠᠶᠢᠳᠠᠭ ᠶᠤᠮ  ᠭᠡᠨ᠎ᠡ᠃
ᠮᠠᠨ ᠤ ᠡᠪᠦᠭᠡ ᠶᠢᠨ ᠡᠵᠡ  ᠭᠡᠷ ᠦᠨ ᠵᠡᠭᠦᠨ ᠲᠠᠯ᠎ᠠ ᠳᠤ ᠲᠡᠷᠮ᠎ᠡ︵ᠬᠠᠨ᠎ᠠ︶ ᠶᠢᠨ ᠲᠣᠯᠣᠭᠠᠢ ᠳᠤ ᠢᠰᠡᠭᠡᠢ ᠶᠢᠨ ᠴᠦᠩᠬᠦ ᠳᠣᠲᠣᠷ᠎ᠠ ᠪᠠᠶᠢᠭᠰᠠᠨ ᠶᠤᠮ ᠳ᠋ᠠᠭ᠃ ᠬᠦᠮᠦᠨ ᠪᠣᠯᠭᠠᠨ ᠬᠠᠷᠠᠳᠠᠭ ᠦᠭᠡᠢ᠂ ᠰᠣᠭᠲᠣᠬᠤ ᠪᠠᠷ ᠢᠶᠠᠨ ᠥᠪᠡᠷ ᠢᠶᠡᠨ ᠭᠠᠷᠴᠤ ᠢᠷᠡᠭᠡᠳ ᠳᠠᠭᠤᠤ ᠳᠠᠭᠤᠯᠠᠳᠠᠭ  ᠭᠡᠵᠡᠭᠡᠳᠡᠭ᠃ ᠡᠵᠡ ᠬᠠᠷᠠᠵᠤ ᠪᠠᠶᠢᠭᠰᠠᠨ ᠬᠦᠮᠦᠰ  ᠡᠴᠡ ᠰᠣᠨᠣᠰᠬᠤ ᠳᠤ ᠲᠥᠭᠡ ᠬᠢᠷᠢ ᠪᠡᠶᠡᠲᠦ ᠮᠠᠰᠢ ᠤᠷᠲᠤ ᠴᠠᠭᠠᠨ ᠰᠠᠬᠠᠯ ᠲᠠᠢ ᠬᠦᠮᠦᠨ ᠳᠦᠷᠰᠦᠲᠡᠨ ᠪᠠᠶᠢᠳᠠᠭ ᠭᠡᠨ᠎ᠡ᠃ ᠡᠵᠡ ᠲᠡᠢ ᠠᠶᠢᠯ ᠤᠨ ᠮᠠᠯ ᠠᠴᠠ ᠭᠠᠷᠤᠵᠠ ᠭᠠᠷᠳᠠᠭ ᠦᠭᠡᠢ ᠭᠡᠯᠴᠡᠳᠡᠭ᠃
ᠰᠢᠨ᠎ᠡ ᠪᠡᠷᠢ ᠪᠡᠨ ᠭᠠᠯ ᠳᠤ ᠪᠠᠨ ᠮᠥᠷᠭᠦᠭᠦᠯᠵᠦ ᠣᠪᠤᠭ ᠤᠨ ᠭᠡᠰᠢᠭᠦᠨ ᠬᠡᠮᠡᠨ ᠬᠦᠯᠢᠶᠡᠵᠦ ᠠᠪᠤᠭᠰᠠᠨ ᠤ ᠳᠠᠷᠠᠭ᠎ᠠ ᠡᠵᠡ ᠲᠩᠷᠢ ᠶᠢ ᠰᠠᠶᠢᠨ ᠬᠣᠭᠣᠯᠠᠯᠠᠵᠤ ᠪᠠᠶᠢᠬᠤ ᠶᠢ ᠵᠠᠬᠢᠳᠠᠭ ᠤᠴᠢᠷ ᠨᠢ ᠰᠠᠶᠢᠨ ᠬᠣᠭᠣᠯᠠᠯᠠᠬᠤ ᠦᠭᠡᠢ ᠪᠣᠯ ᠲᠤᠬᠠᠢ ᠶᠢᠨ ᠭᠡᠷ ᠦᠨ ᠡᠵᠡ ᠪᠡᠷᠢ ᠶᠢ ᠬᠣᠣᠷᠯᠠᠵᠤ᠂ ᠮᠠᠯ ᠠᠮᠢᠲᠠᠨ ᠦᠭᠡᠢ ᠦᠭᠡᠢᠬᠢᠳᠡᠭ ᠭᠡᠨᠡᠮ᠃ ᠮᠠᠨ ᠤ ᠨᠤᠲᠤᠭ ᠲᠤ ᠨᠢᠭᠡᠨ ᠠᠶᠢᠯ ᠤᠨ ᠡᠵᠡ ᠬᠣᠶᠠᠷ ᠴᠤ ᠪᠡᠷᠢ ᠪᠡᠨ ᠬᠣᠣᠷᠯᠠᠭᠠᠳ ᠭᠤᠷᠪᠠᠳᠠᠬᠢ ᠪᠡᠷᠢ ᠨᠢ ᠪᠣᠯᠵᠤ ᠣᠴᠢᠭᠰᠠᠨ ᠡᠮᠡᠭᠲᠡᠢ ᠶᠢᠨ ᠡᠵᠢ ᠠᠪᠤ ᠨᠢ ᠲᠡᠳᠡᠨ ᠦ ᠬᠢ ᠶᠡᠬᠡ ᠳᠣᠭᠰᠢᠨ ᠡᠵᠡ ᠲᠡᠢ︵ᠪᠡᠶᠡᠯᠡᠭᠰᠡᠨ ᠠᠮᠢᠳᠤ ᠣᠩᠭᠣᠨ ᠰᠠᠬᠢᠭᠤᠰᠤ ᠲᠠᠢ︶ᠠᠶᠢᠯ ᠰᠢᠦ᠂ ᠬᠣᠭᠣᠯᠠ ᠴᠠᠢ ᠢᠳᠡᠭᠡ ᠴᠠᠭᠠᠨ ᠤ ᠪᠠᠨ ᠳᠡᠭᠡᠵᠢ ᠶᠢ ᠰᠠᠶᠢᠨ ᠳᠡᠭᠡᠵᠢᠯᠡᠵᠦ ᠥᠭᠴᠦ ᠪᠠᠢ ᠭᠡᠵᠦ ᠵᠠᠬᠢᠭᠠᠳ ᠶᠠᠪᠤᠭᠤᠯᠤᠭᠰᠠᠨ ᠶᠤᠮ ᠪᠠᠶᠢᠨ᠎ᠠ᠃ ᠪᠡᠷᠢ ᠪᠣᠯᠵᠤ ᠣᠴᠢᠭᠰᠠᠨ ᠬᠦᠮᠦᠨ ᠴᠤ ᠡᠭᠦᠨ ᠢ ᠶᠠᠭ ᠲᠠᠭ ᠪᠡᠶᠡᠯᠡᠭᠦᠯᠵᠦ ᠬᠠᠮᠤᠭ ᠰᠠᠶᠢᠨ ᠶᠠᠭᠤᠮ᠎ᠠ ᠪᠠᠨ ᠳᠡᠭᠡᠵᠢᠯᠡᠭᠰᠡᠭᠡᠷ ᠡᠵᠡ ᠶᠢ ᠥᠪᠡᠷ ᠲᠤ ᠪᠠᠨ ᠳᠠᠰᠬᠠᠭᠠᠳ ᠢᠷᠡᠬᠦ ᠶᠢᠨ ᠦᠶ᠎ᠡ ᠳᠦ ᠡᠵᠡ ᠨᠢ ᠬᠠᠷᠠᠭᠳᠠᠭᠠᠳ ᠡᠬᠢᠯᠡᠵᠡᠢ︵ᠲᠥᠭᠡ ᠣᠷᠴᠢᠮ ᠥᠨᠳᠥᠷ ᠲᠡᠢ ᠬᠦᠮᠦᠨ ᠰᠢᠭ ᠳᠦᠷᠰᠦ ᠲᠡᠢ ᠶᠠᠭᠤᠮ᠎ᠠ ᠪᠠᠶᠢᠭᠰᠠᠨ ᠭᠡᠳᠡᠭ︶᠃

ᠨᠢᠭᠡ ᠥᠷᠯᠥᠭᠡ ᠡᠷᠲᠡ ᠪᠣᠰᠤᠭᠠᠳ ᠠᠷᠢᠬᠢ ᠨᠡᠷᠡᠵᠦ ᠴᠦᠭᠦᠴᠡᠨ ᠳᠦ ᠳᠦᠭᠦᠷᠭᠡᠵᠦ ᠲᠠᠯᠪᠢᠭᠠᠳ ᠦᠬᠡᠷ ᠢᠶᠡᠨ ᠰᠠᠭᠠᠬᠤ  ᠪᠠᠷ ᠭᠠᠷᠴᠠᠢ᠃ ᠦᠬᠡᠷ ᠢᠶᠡᠨ ᠰᠠᠭᠠᠭᠠᠳ ᠣᠷᠣᠭᠠᠳ ᠢᠷᠡᠬᠦ ᠳᠦ ᠨᠥᠭᠥᠭᠡ ᠡᠵᠡ ᠲᠡᠷᠮ᠎ᠡ ᠶᠢᠨ ᠲᠣᠯᠣᠭᠠᠢ  ᠠᠴᠠ ᠡᠯᠭᠦᠭᠰᠡᠨ ᠳᠡᠭᠡᠵᠢᠨ ᠦ ᠲᠠᠪᠴᠠᠩ ᠳᠡᠭᠡᠷ᠎ᠡ ᠲᠠᠰᠤᠷᠠᠭᠠᠳ︵ᠰᠤᠭᠲᠤᠭᠠᠳ︶ᠤᠨᠠᠴᠢᠬᠠᠭᠰᠠᠨ ᠪᠠᠢᠪᠠ᠃ ᠭᠠᠯ ᠳᠤ ᠪᠠᠨ ᠶᠡᠬᠡ ᠬᠠᠷᠭᠤᠨ ᠥᠷᠳᠡᠭᠡᠳ ᠳᠡᠭᠵᠢᠭᠡᠳ ᠢᠷᠡᠬᠦ ᠶᠢᠨ ᠦᠶ᠎ᠡ ᠳᠦ ᠭᠠᠯ ᠤᠷᠤᠭᠤ ᠠᠪᠴᠤ ᠬᠢᠵᠦ ᠳᠠᠷᠤᠭᠰᠠᠨ ᠲᠡᠦᠬᠡ ᠪᠤᠢ᠃
ᠣᠶᠢᠷᠠᠳ ᠮᠣᠩᠭᠣᠯᠴᠤᠳ ᠳᠣᠲᠣᠷ᠎ᠠ ᠳᠡᠭᠡᠷᠡᠬᠢ ᠣᠩᠭᠣᠳ ᠰᠠᠬᠢᠭᠤᠰᠤ ᠲᠠᠢ ᠬᠣᠯᠪᠣᠭᠳᠠᠬᠤ ᠥᠭᠡᠷ᠎ᠡ ᠪᠠᠰᠠ ᠨᠢᠭᠡ ᠵᠠᠩ ᠦᠢᠯᠡ ᠨᠢ ᠮᠠᠭᠤᠯᠠᠭᠰᠠᠨ ᠮᠠᠯ ᠤᠨ ᠵᠢᠷᠦᠬᠡ ᠶᠢ ᠡᠵᠡ  ᠲᠩᠷᠢ ᠳᠦ ᠡᠷᠭᠦᠬᠦ ᠪᠤᠶᠤ ᠵᠢᠷᠦᠬᠡᠨ ᠦ ᠳᠡᠭᠡᠳᠦ ᠦᠵᠦᠭᠦᠷ ᠢ ᠬᠡᠷᠦᠭᠡᠰᠦᠯᠡᠨ ᠰᠡᠲᠡᠯᠵᠦ ᠪᠦᠲᠦᠨ ᠢᠶᠡᠷ ᠨᠢ ᠡᠵᠡ ᠲᠠᠬᠢᠯᠭ᠎ᠠ ᠶᠢᠨ ᠤᠷᠳᠤ ᠲᠠᠯᠪᠢᠳᠠᠭ ᠶᠠᠪᠤᠳᠠᠯ᠃ ᠡᠶᠢᠨ ᠲᠠᠯᠪᠢᠵᠤ ᠲᠤᠬᠠᠢ ᠶᠢᠨ ᠠᠮᠢᠲᠠᠨ ᠤ ᠰᠦᠨᠡᠰᠦ ᠶᠢ ᠡᠵᠡ ᠳᠦ ᠪᠡᠨ ᠡᠷᠭᠦᠳᠡᠭ ᠭᠡᠨ᠎ᠡ᠃

ᠮᠠᠷᠭᠠᠰᠢ ᠨᠢ ᠲᠤᠬᠠᠢ ᠶᠢᠨ ᠵᠢᠷᠦᠬᠡ ᠪᠡᠨ ᠠᠶᠢᠯ ᠬᠣᠲᠠᠯᠠᠭᠠᠷ ᠢᠶᠠᠨ ᠡᠨᠡ ᠲᠡᠩᠴᠡᠭᠦᠦ ᠬᠤᠪᠢᠶᠠᠨ ᠢᠳᠡᠳᠡᠭ᠃ ᠶᠠᠭ ᠣᠶᠢᠷᠠᠳ ᠮᠣᠩᠭᠣᠯᠴᠤᠳ ᠳᠤᠮᠳᠠ ᠡᠳᠦᠭᠡ ᠴᠤ ᠠᠮᠢ ᠪᠥᠬᠡ ᠲᠡᠢ ᠪᠠᠶᠢᠭ᠎ᠠ ᠡᠨᠡ ᠵᠠᠩ ᠦᠢᠯᠡ ᠶᠢᠨ ᠲᠤᠬᠠᠢ ᠷᠦᠪᠷᠦᠭ︵13 ᠳ᠋ᠤᠭᠠᠷ ᠵᠠᠭᠤᠨ ᠳᠤ ᠮᠣᠩᠭᠣᠯᠴᠤᠳ ᠲᠠᠢ ᠠᠭᠤᠯᠵᠠᠭᠰᠠᠨ︶ᠮᠥᠨ ᠥᠪᠡᠷ ᠦᠨ ᠨᠤᠮ ᠳᠤ ᠪᠠᠨ ᠳᠤᠷᠠᠳᠤᠭᠰᠠᠨ ᠪᠠᠶᠢᠳᠠᠭ᠃ ᠣᠶᠢᠷᠠᠳ ᠤᠨ ᠡᠵᠡ ᠲᠩᠷᠢ ᠶᠢᠨ ᠲᠠᠬᠢᠯᠭ᠎ᠠ ᠰᠢᠲᠦᠯᠭᠡ ᠶᠢ 1930  ᠊ᠭᠠᠳ ᠣᠨ ᠤ ᠦᠶᠡᠰ ᠡᠷᠡᠰ ᠬᠣᠷᠢᠭᠯᠠᠵᠤ ᠂ ᠮᠠᠰᠢ ᠣᠯᠠᠨ ᠠᠶᠢᠯ ᠤᠨ ᠰᠠᠬᠢᠭᠤᠰᠤ ᠤᠩᠭᠤ ᠶᠢ ᠰᠢᠲᠠᠭᠠᠭᠰᠠᠨ ᠭᠡᠳᠡᠭ ᠴᠦ ᠣᠳᠣ ᠬᠦᠷᠲᠡᠯ᠎ᠡ ᠵᠠᠷᠢᠮ ᠠᠶᠢᠯ ᠡᠵᠡ ᠪᠡᠨ ᠰᠢᠲᠦᠵᠦ ᠲᠠᠬᠢᠭᠰᠠᠭᠠᠷ ᠯᠠ ᠪᠠᠶᠢᠨ᠎ᠠ᠃

ᠰᠡᠳᠬᠢᠭᠳᠡᠯ ᠦᠯᠡᠳᠡᠭᠡᠬᠦ