《ᠬᠦᠮᠦᠨ ᠦ ᠡᠵᠢ》 ᠺᠢᠨᠤ᠋ ᠦᠵᠡᠭᠴᠢᠳ ᠲᠦ ᠬᠦᠷᠭᠡᠬᠦ ᠳᠦ ᠪᠡᠯᠡᠨ ᠪᠣᠯᠵᠠᠢ | News.MN

《ᠬᠦᠮᠦᠨ ᠦ ᠡᠵᠢ》 ᠺᠢᠨᠤ᠋ ᠦᠵᠡᠭᠴᠢᠳ ᠲᠦ ᠬᠦᠷᠭᠡᠬᠦ ᠳᠦ ᠪᠡᠯᠡᠨ ᠪᠣᠯᠵᠠᠢ

《ᠬᠤᠪᠢᠰᠤᠯ》ᠫᠷᠤᠳᠠᠺᠱᠢᠨ ᠠᠴᠠ《ᠡᠷᠦᠬᠡ》ᠲᠤᠰᠠᠭᠠᠷᠯᠠᠭᠰᠠᠨ ᠵᠦᠴᠦᠭᠡᠴᠢᠨ ᠳ ∙ ᠭᠠᠭᠴᠡᠴᠡᠭ᠂ ᠠ᠊ ∙ ᠭᠠᠩᠴᠢᠮᠡᠭ ᠤᠨ ᠬᠠᠮᠲᠤᠷᠠᠨ ᠪᠠᠶᠢᠭᠤᠯᠤᠭᠰᠠᠨ 《ᠠᠷᠢᠮᠤᠨ》 ᠫᠷᠤᠳᠠᠺᠱᠢᠨ  ᠤ ᠳᠡᠯᠭᠡᠴᠡ ᠶᠢᠨ ᠠᠩᠬᠠᠨ ᠤ ᠪᠦᠲᠦᠭᠡᠯ ᠪᠣᠯᠬᠤ ︽ᠬᠠᠯᠠᠭᠤᠨ ᠵᠢᠷᠦᠬᠡ︾ ᠤᠷᠠᠨ ᠰᠠᠶᠢᠬᠠᠨ ᠤ ᠺᠢᠨᠣ᠋  ᠪᠠᠨ 2019 ᠣᠨ ᠳᠤ ᠦᠵᠡᠭᠴᠢᠳ ᠦᠨ ᠬᠦᠷᠲᠡᠭᠡᠯ ᠪᠣᠯᠭᠠᠵᠤ ᠪᠠᠶᠢᠪᠠ᠃ ᠲᠡᠭᠡᠪᠡᠯ  ᠲᠡᠳᠡ ᠤᠳᠠᠭᠠᠬᠢ ᠤᠷᠠᠨ ᠪᠦᠲᠦᠭᠡᠯ 《ᠬᠦᠮᠦᠨ ᠦ ᠡᠵᠢ》 ᠤᠷᠠᠨ ᠰᠠᠶᠢᠬᠠᠨ ᠤ ᠺᠢᠨᠣ᠋  ᠪᠠᠨ ᠳᠥᠷᠪᠡᠨ ᠵᠢᠯ ᠦᠨ ᠳᠠᠷᠠᠭ᠎ᠠ ᠦᠵᠡᠭᠴᠢᠳ ᠲᠦ ᠬᠦᠷᠭᠡᠬᠦ ᠳᠦ ᠪᠡᠯᠡᠨ ᠪᠣᠯᠵᠠᠢ᠃

ᠺᠢᠨᠤ᠋ ᠵᠣᠬᠢᠶᠠᠯ ᠢ ᠠ᠊ ∙ ᠭᠠᠩᠴᠢᠮᠡᠭ ᠪᠢᠴᠢᠵᠦ᠂ ᠳ ∙ ᠭᠠᠭᠴᠡᠴᠡᠭ ᠨᠠᠶᠢᠷᠠᠭᠤᠯᠤᠭᠰᠠᠨ ᠪᠠᠶᠢᠨ᠎ᠠ᠃ ᠺᠢᠨᠤ᠋ ᠳᠤ ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ ᠼ ∙ ᠲᠡᠮᠦᠷᠪᠠᠭᠠᠲᠤᠷ᠂ ᠫ ∙ ᠴᠡᠷᠡᠨᠳᠠᠭᠪᠠ ᠨᠠᠷ ᠤᠷᠢᠯᠭ᠎ᠠ ᠪᠠᠷ ᠲᠣᠭᠯᠠᠭᠰᠠᠨ ᠶᠤᠮ᠃

ᠰᠡᠳᠬᠢᠭᠳᠡᠯ ᠦᠯᠡᠳᠡᠭᠡᠬᠦ