ᠮᠣᠩᠭᠣᠯ ᠺᠢᠨᠣ᠋ ᠠᠩᠬ᠎ᠠ ᠤᠳᠠᠭ᠎ᠠ ᠨᠠᠶᠠᠳᠠᠬᠢ ᠤᠳᠠᠭ᠎ᠠ ᠶᠢᠨ ᠸᠧᠨᠧᠼ ᠤᠨ ᠣᠯᠠᠨ ᠤᠯᠤᠰ ᠤᠨ ᠺᠢᠨᠣ᠋ ᠨᠠᠭᠠᠳᠤᠮ ᠢᠶᠠᠷ ᠳᠡᠯᠡᠬᠡᠢ ᠶᠢᠨ ᠨᠡᠭᠡᠭᠡᠯᠲᠡ ᠪᠡᠨ ᠬᠢᠨ᠎ᠡ᠃ ᠨᠠᠶᠢᠷᠠᠭᠤᠯᠤᠭᠴᠢ ᠫ∙ᠯᠾᠬᠠᠪᠠᠳᠤᠯᠮ᠎ᠠ ᠶᠢᠨ《ᠰᠡᠷ ᠰᠡᠷ ᠰᠠᠯᠬᠢ》ᠤᠷᠠᠨ ᠰᠠᠶᠢᠬᠠᠨ ᠤ ᠺᠢᠨᠤ᠋ ᠶᠢ ᠳᠣᠯᠣᠳᠤᠭᠠᠷ ᠰᠠᠷ᠎ᠠ ᠶᠢᠨ 25 ᠤ ᠡᠳᠦᠷ ᠸᠧᠨᠧᠼ ᠤᠨ ᠣᠯᠠᠨ ᠤᠯᠤᠰ ᠤᠨ ᠺᠢᠨᠣ᠋ ᠨᠠᠭᠠᠳᠤᠮ ᠤᠨ︽ᠣᠷᠢᠽᠣᠨᠲ᠋ᠢ︾ᠤᠷᠤᠯᠳᠤᠭᠠᠨᠳᠤ ᠬᠡᠰᠡᠭ ᠲᠦ ᠰᠣᠩᠭᠣᠵᠤ ᠪᠤᠢ ᠶᠢ ᠵᠠᠬᠢᠷᠤᠯ ᠠᠯᠪᠧᠷᠲ᠋ᠤ᠋ ᠪᠠᠷᠪᠧᠷᠠ ᠳᠡᠯᠡᠬᠡᠢ ᠨᠡᠶᠢᠲᠡ ᠳᠦ ᠵᠠᠷᠯᠠᠭᠰᠠᠨ ᠪᠠᠶᠢᠨ᠎ᠠ᠃
ᠨᠡᠷ᠎ᠡ ᠬᠦᠨᠳᠦ ᠲᠡᠢ ᠡᠨᠡ ᠨᠠᠭᠠᠳᠤᠮ ᠳᠤ ᠠᠩᠬ᠎ᠠ ᠤᠳᠠᠭ᠎ᠠ ᠮᠣᠩᠭᠣᠯ ᠨᠠᠶᠢᠷᠠᠭᠤᠯᠤᠭᠴᠢ ᠶᠢᠨ ᠪᠦᠲᠦᠭᠡᠯ ᠠᠯᠪᠠᠨ ᠶᠣᠰᠣᠨ ᠤ ᠬᠥᠲᠥᠯᠪᠦᠷᠢ ᠳᠦ ᠰᠣᠩᠭᠣᠭᠳᠠᠨ᠂ ᠨᠠᠭᠠᠳᠤᠮ ᠤᠨ ᠳᠡᠭᠡᠳᠦ ᠱᠠᠩᠨᠠᠯ ᠤᠨ ᠲᠥᠯᠥᠭᠡ ᠦᠷᠢᠰᠦᠯᠳᠦᠬᠦ ᠡᠷᠬᠡ ᠲᠡᠢ ᠪᠣᠯᠤᠭᠰᠠᠨ ᠨᠢ ᠮᠣᠩᠭᠣᠯ ᠤᠨ ᠺᠢᠨᠣ᠋ ᠤᠷᠠᠯᠢᠭ ᠤᠨ ᠲᠡᠦᠬᠡᠨ ᠳᠦ ᠲᠡᠮᠳᠡᠭᠯᠡᠭᠳᠡᠨ ᠦᠯᠡᠳᠡᠬᠦ ᠦᠢᠯᠡ ᠶᠠᠪᠤᠳᠠᠯ ᠶᠤᠮ᠃
︽ᠰᠡᠷ ᠰᠡᠷ ᠰᠠᠯᠬᠢ︾ᠺᠢᠨᠤ᠋ ᠳᠤ ᠣᠩᠭᠣᠳ ᠲᠩᠷᠢ ᠶᠢᠨ ᠢᠪᠡᠭᠡᠯ ᠪᠣᠯᠤᠨ ᠪᠦᠷᠬᠦᠭ ᠢᠷᠡᠭᠡᠳᠦᠢ ᠶᠢᠨ ᠳᠤᠮᠳᠠ ᠥᠪᠡᠷ ᠢ ᠪᠡᠨ ᠬᠠᠶᠢᠬᠤ 17 ᠨᠠᠰᠤᠲᠠᠢ ᠪᠥᠭᠡ ᠬᠦᠦ ᠶᠢᠨ ᠲᠤᠬᠠᠢ ᠦᠭᠦᠯᠡᠳᠡᠭ᠃ ᠡᠨᠡ ᠺᠢᠨᠣ᠋ ᠨᠢ ᠵᠠᠯᠠᠭᠤ ᠨᠠᠶᠢᠷᠠᠭᠤᠯᠤᠭᠴᠢ ᠫ∙ᠯᠾᠬᠠᠪᠠᠳᠤᠯᠮ᠎ᠠ ᠶᠢᠨ ᠠᠩᠬᠠᠨ ᠤ ᠪᠦᠷᠢᠨ ᠬᠡᠮᠵᠢᠶᠡᠨ ᠦ ᠺᠢᠨᠣ᠋ ᠪᠦᠲᠦᠭᠡᠯ ᠪᠥᠭᠡᠳ ᠲᠡᠭᠦᠨ ᠢ ᠠᠩᠭᠯᠢ ᠶᠢᠨ ᠺᠢᠨᠣ᠋ ᠤᠷᠠᠯᠢᠭ ᠤᠨ︽Screendaily︾ᠰᠡᠳᠬᠦᠯ 2023 ᠣᠨ ᠳᠤ ᠬᠠᠮᠤᠭ ᠤᠨ ᠶᠡᠬᠡ ᠬᠦᠯᠢᠶᠡᠯᠲᠡ ᠲᠡᠢ 18 ᠵᠠᠯᠠᠭᠤ ᠨᠠᠶᠢᠷᠠᠭᠤᠯᠤᠭᠴᠢ ᠶᠢᠨ ᠨᠢᠭᠡ ᠪᠡᠷ ᠨᠡᠷᠡᠯᠡᠵᠦ ᠪᠠᠶᠢᠪᠠ᠃