ᠮᠣᠩᠭᠣᠯ ᠣᠷᠣᠨ  ᠰᠡᠭᠦᠯ ᠦᠨ 80 ᠵᠢᠯ ᠳᠦ 2.4 ᠬᠡᠮ ᠢᠶᠡᠷ ᠳᠤᠯᠠᠭᠠᠷᠠᠵᠠᠢ | News.MN

ᠮᠣᠩᠭᠣᠯ ᠣᠷᠣᠨ  ᠰᠡᠭᠦᠯ ᠦᠨ 80 ᠵᠢᠯ ᠳᠦ 2.4 ᠬᠡᠮ ᠢᠶᠡᠷ ᠳᠤᠯᠠᠭᠠᠷᠠᠵᠠᠢ

ᠳᠡᠯᠡᠬᠡᠢ ᠶᠢᠨ ᠠᠭᠠᠷ ᠤᠨ ᠳᠤᠮᠳᠠᠴᠢ ᠳᠤᠯᠠᠭᠠᠨ ᠰᠡᠭᠦᠯ ᠦᠨ 100 ᠵᠢᠯ 1.1 ᠬᠡᠮ ᠢᠶᠡᠷ᠂ ᠮᠣᠩᠭᠣᠯ ᠣᠷᠣᠨ ᠤ ᠬᠤᠪᠢ ᠳᠤ ᠰᠡᠭᠦᠯ ᠦᠨ 80 ᠵᠢᠯ ᠳᠦ 2.4 ᠬᠡᠮ ᠢᠶᠡᠷ ᠳᠤᠯᠠᠭᠠᠷᠠᠭᠰᠠᠨ ᠪᠠᠢᠨ᠎ᠠ᠃ ᠲᠡᠷᠡ ᠳᠤᠮᠳᠠ ᠪᠠᠨ ᠤᠯᠠᠭᠠᠨᠪᠠᠭᠠᠲᠤᠷ ᠬᠣᠲᠠ  3.3 ᠬᠡᠮ ᠢᠶᠡᠷ ᠳᠤᠯᠠᠭᠠᠷᠠᠭᠰᠠᠨ ᠦᠵᠡᠭᠦᠯᠦᠯᠲᠡ ᠲᠡᠢ ᠪᠠᠶᠢᠭ᠎ᠠ ᠶᠢ ᠤᠰᠤ᠂ ᠴᠠᠭ ᠠᠭᠤᠷ᠂ ᠣᠷᠴᠢᠨ ᠤ ᠰᠤᠳᠤᠯᠭ᠎ᠠ᠂ ᠮᠡᠳᠡᠭᠡᠯᠡᠯ ᠦᠨ ᠬᠦᠷᠢᠶᠡᠯᠡᠩ ᠦᠨ ᠵᠠᠬᠢᠷᠤᠯ ᠭ ∙ ᠰᠠᠷᠠᠨᠲᠤᠶᠠᠭ᠎ᠠ ᠮᠡᠳᠡᠭᠡᠯᠡᠪᠡ᠃
ᠠᠭᠤᠷ ᠠᠮᠢᠰᠬᠤᠯ ᠤᠨ ᠥᠭᠡᠷᠡᠴᠢᠯᠡᠯᠲᠡ ᠲᠡᠢ ᠬᠣᠯᠪᠣᠭᠠᠲᠠᠢ ᠪᠠᠷ ᠳᠡᠯᠡᠬᠡᠢ ᠨᠡᠶᠢᠲᠡ᠂ ᠮᠠᠨ ᠤ ᠣᠷᠣᠨ ᠳᠤ ᠴᠤ ᠭᠠᠮᠰᠢᠭᠲᠤ ᠦᠵᠡᠭᠳᠡᠯ ᠦᠨ ᠳᠠᠪᠲᠠᠮᠵᠢ᠂ ᠲᠡᠷᠡ ᠳᠤᠮᠳᠠ ᠪᠠᠨ ᠦᠶᠡᠷ ᠤᠰᠤᠨ ᠤ ᠭᠠᠮᠰᠢᠭᠲᠤ ᠦᠵᠡᠭᠳᠡᠯ ᠨᠡᠮᠡᠭᠳᠡᠵᠦ᠂ ᠠᠭᠠᠳᠠᠷ ᠪᠣᠷᠣᠭ᠎ᠠ ᠤᠷᠤᠬᠤ ᠮᠠᠭᠠᠳᠯᠠᠯ ᠥᠰᠴᠦ ᠪᠠᠶᠢᠭ᠎ᠠ᠃ ᠡᠷᠡᠰᠳᠡᠯ ᠡᠴᠡ ᠰᠡᠷᠭᠡᠶᠢᠯᠡᠬᠦ ᠬᠠᠮᠤᠭ ᠤᠨ ᠭᠣᠣᠯ ᠵᠦᠢᠯ ᠨᠢ ᠲᠥᠯᠥᠪᠯᠡᠬᠦ᠂ ᠲᠣᠬᠢᠷᠠᠭᠰᠠᠨ ᠬᠠᠷᠢᠭᠤ ᠠᠷᠭ᠎ᠠ ᠬᠡᠮᠵᠢᠶ᠎ᠡ ᠠᠪᠬᠤ ᠨᠢ ᠴᠢᠬᠤᠯᠠ ᠶᠢ ᠲᠡᠷᠡᠪᠡᠷ  ᠲᠡᠮᠳᠡᠭᠯᠡᠯ᠎ᠡ᠃

ᠰᠡᠳᠬᠢᠭᠳᠡᠯ ᠦᠯᠡᠳᠡᠭᠡᠬᠦ