ᠺᠢᠷᠭᠢᠽ ᠤᠨ ᠡᠯᠴᠢᠨ ᠰᠠᠶᠢᠳ  ᠢ ᠬᠦᠯᠢᠶᠡᠨ ᠠᠪᠴᠤ ᠠᠭᠤᠯᠵᠠᠪᠠ | News.MN

ᠺᠢᠷᠭᠢᠽ ᠤᠨ ᠡᠯᠴᠢᠨ ᠰᠠᠶᠢᠳ  ᠢ ᠬᠦᠯᠢᠶᠡᠨ ᠠᠪᠴᠤ ᠠᠭᠤᠯᠵᠠᠪᠠ

ᠭᠠᠳᠠᠭᠠᠳᠤ ᠬᠠᠷᠢᠯᠴᠠᠭᠠᠨ ᠤ ᠳᠡᠳ᠋ ᠰᠠᠶᠢᠳ ᠭ ∙ᠠᠮᠤᠷᠲᠦ᠋ᠪᠰᠢᠨ ᠪᠦᠭᠦᠳᠡ ᠨᠠᠶᠢᠷᠠᠮᠳᠠᠬᠤ ᠺᠢᠷᠭᠢᠽ ᠤᠯᠤᠰ ᠠᠴᠠ ᠮᠣᠩᠭᠣᠯ ᠤᠯᠤᠰ ᠲᠤ ᠰᠠᠭᠤᠬᠤ ᠡᠯᠴᠢᠨ ᠰᠠᠶᠢᠳ ᠠᠢᠪᠧᠺ  ᠠᠷᠲ᠋ᠢᠺᠪᠠᠶᠧ ᠢ ᠥᠨᠥᠳᠥᠷ ᠬᠦᠯᠢᠶᠡᠨ ᠠᠪᠴᠤ ᠠᠭᠤᠯᠵᠠᠵᠤ᠂ ᠮᠣᠩᠭᠣᠯ ᠤᠯᠤᠰ ᠤᠨ ᠶᠡᠷᠦᠩᠬᠡᠶᠢᠯᠡᠭᠴᠢ ᠳᠦ ᠪᠠᠷᠢᠬᠤ ᠢᠲᠡᠭᠡᠮᠵᠢᠯᠡᠬᠦ ᠵᠢᠭᠤᠬᠤ ᠪᠢᠴᠢᠭ ᠦᠨ ᠬᠠᠭᠤᠯᠪᠤᠷᠢ ᠶᠢ ᠬᠦᠯᠢᠶᠡᠨ ᠠᠪᠤᠪᠠ᠃

ᠠᠭᠤᠯᠵᠠᠯᠲᠠ ᠶᠢᠨ ᠦᠶ᠎ᠡ ᠪᠡᠷ ᠳᠡᠳ᠋ ᠰᠠᠶᠢᠳ ᠭ ∙ ᠠᠮᠤᠷᠲᠦ᠋ᠪᠰᠢᠨ ᠺᠢᠷᠭᠢᠽ ᠤᠯᠤᠰ ᠲᠠᠢ ᠤᠯᠠᠮᠵᠢᠯᠠᠯᠲᠤ ᠨᠠᠶᠢᠷᠰᠠᠭ ᠬᠠᠷᠢᠯᠴᠠᠭ᠎ᠠ ᠶᠢ ᠭᠦᠨᠵᠡᠭᠡᠶᠢᠷᠡᠭᠦᠯᠦᠨ ᠪᠡᠬᠢᠵᠢᠭᠦᠯᠬᠦ ᠨᠢ ᠮᠣᠩᠭᠣᠯ ᠤᠯᠤᠰ ᠤᠨ ᠭᠠᠳᠠᠭᠠᠳᠤ ᠪᠣᠳᠣᠯᠭ᠎ᠠ ᠶᠢᠨ ᠵᠣᠷᠢᠯᠲᠠ ᠶᠢᠨ ᠨᠢᠭᠡ ᠪᠣᠯᠬᠤ ᠶᠢ ᠲᠡᠮᠳᠡᠭᠯᠡᠭᠡᠳ᠂ ᠡᠯᠴᠢᠨ ᠰᠠᠶᠢᠳ ᠠᠷᠲ᠋ᠢᠺᠪᠠᠶᠧ ᠢ ᠮᠣᠩᠭᠣᠯ᠂ ᠺᠢᠷᠭᠢᠽᠢ ᠶᠢᠨ ᠤᠯᠠᠮᠵᠢᠯᠠᠯᠲᠤ ᠨᠠᠶᠢᠷᠰᠠᠭ ᠬᠠᠷᠢᠯᠴᠠᠭ᠎ᠠ ᠶᠢ ᠰᠢᠨ᠎ᠡ ᠱᠠᠲᠤᠨ ᠳᠤ ᠭᠠᠷᠭᠠᠬᠤ᠂ ᠡᠳ᠋  ᠦᠨ ᠵᠠᠰᠠᠭ ᠤᠨ ᠬᠠᠮᠲᠤ ᠶᠢᠨ ᠠᠵᠢᠯᠯᠠᠭ᠎ᠠ ᠶᠢ ᠰᠢᠨ᠎ᠡ ᠠᠭᠤᠯᠭ᠎ᠠ ᠪᠠᠷ ᠪᠠᠶᠠᠵᠢᠭᠤᠯᠬᠤ ᠳᠤ ᠲᠣᠮᠣᠬᠠᠨ ᠬᠤᠪᠢ ᠨᠡᠮᠡᠷᠢ ᠣᠷᠣᠭᠤᠯᠤᠨ᠎ᠠ ᠭᠡᠳᠡᠭ ᠲᠦ ᠢᠲᠡᠭᠡᠯ ᠲᠡᠢ ᠪᠤᠢ  ᠪᠠᠨ ᠢᠯᠡᠷᠬᠡᠶᠢᠯᠡᠪᠡ᠃
ᠡᠯᠴᠢᠨ ᠰᠠᠶᠢᠳ ᠠ᠊∙ᠠᠷᠲ᠋ᠢᠺᠪᠠᠶᠧ ᠨᠢ 2009 ᠣᠨ ᠠᠴᠠ ᠬᠣᠶᠢᠰᠢ ᠺᠢᠷᠭᠢᠽ ᠦᠨ ᠭᠠᠳᠠᠭᠠᠳᠤ ᠬᠡᠷᠡᠭ ᠦᠨ ᠶᠠᠮᠤᠨ ᠳᠤ ᠠᠵᠢᠯᠯᠠᠵᠤ ᠪᠠᠶᠢᠭᠰᠠᠨ ᠪᠥᠭᠡᠳ 2021-2023 ᠣᠨ ᠳᠤ ᠭᠠᠳᠠᠭᠠᠳᠤ ᠬᠡᠷᠡᠭ ᠦᠨ ᠳᠡᠳ᠋ ᠰᠠᠶᠢᠳ ᠤᠨ ᠠᠯᠪᠠ ᠶᠢ ᠬᠠᠰᠢᠵᠤ ᠪᠠᠶᠢᠭᠰᠠᠨ ᠶᠤᠮ᠃

ᠰᠡᠳᠬᠢᠭᠳᠡᠯ ᠦᠯᠡᠳᠡᠭᠡᠬᠦ