ᠮᠣᠩᠭᠣᠯ ᠂ ᠣᠷᠣᠰ ᠤᠨ ᠢᠷᠭᠡᠨ ᠦ ᠨᠢᠰᠬᠦ ᠶᠢᠨ ᠤᠳᠤᠷᠢᠳᠬᠤ ᠪᠠᠶᠢᠭᠤᠯᠤᠯᠭ᠎ᠠ ᠬᠣᠭᠣᠷᠣᠨᠳᠣ ᠫᠷᠣᠲ᠋ᠣᠺᠣᠯ ᠪᠠᠶᠢᠭᠤᠯᠪᠠ | News.MN

ᠮᠣᠩᠭᠣᠯ ᠂ ᠣᠷᠣᠰ ᠤᠨ ᠢᠷᠭᠡᠨ ᠦ ᠨᠢᠰᠬᠦ ᠶᠢᠨ ᠤᠳᠤᠷᠢᠳᠬᠤ ᠪᠠᠶᠢᠭᠤᠯᠤᠯᠭ᠎ᠠ ᠬᠣᠭᠣᠷᠣᠨᠳᠣ ᠫᠷᠣᠲ᠋ᠣᠺᠣᠯ ᠪᠠᠶᠢᠭᠤᠯᠪᠠ

ᠮᠣᠩᠭᠣᠯ ᠤᠯᠤᠰ᠂ ᠣᠷᠣᠰ ᠤᠨ ᠬᠣᠯᠪᠣᠭᠠᠨ ᠤ ᠤᠯᠤᠰ ᠤᠨ ᠢᠷᠭᠡᠨ ᠦ ᠨᠢᠰᠬᠦ ᠶᠢᠨ ᠤᠳᠤᠷᠢᠳᠬᠤ ᠪᠠᠶᠢᠭᠤᠯᠤᠯᠭ᠎ᠠ ᠨᠤᠭᠤᠳ ᠬᠣᠭᠣᠷᠣᠨᠳᠣ ᠫᠷᠣᠲ᠋ᠣᠺᠣᠯ ᠪᠠᠶᠢᠭᠤᠯᠤᠯ᠎ᠠ᠃ ᠬᠤᠶᠠᠷ ᠤᠯᠤᠰ ᠤᠨ ᠠᠭᠠᠷ ᠤᠨ ᠬᠠᠷᠢᠯᠴᠠᠭᠠᠨ ᠤ ᠲᠤᠬᠠᠢ ᠬᠡᠯᠡᠯᠴᠡᠭᠡᠷ 1997 ᠣᠨ ᠳᠤ ᠠᠩᠬ᠎ᠠ  ᠪᠠᠢᠭᠤᠯᠤᠭᠳᠠᠭᠰᠠᠨ ᠠᠴᠠ ᠬᠣᠶᠢᠰᠢ ᠬᠣᠶᠠᠷ ᠤᠯᠤᠰ ᠤᠨ ᠢᠷᠭᠡᠨ ᠦ ᠨᠢᠰᠬᠦ ᠶᠢᠨ ᠪᠠᠶᠢᠭᠤᠯᠤᠯᠭ᠎ᠠ ᠨᠤᠭᠤᠳ ᠬᠣᠭᠣᠷᠣᠨᠳᠣ ᠪᠠᠶᠢᠭᠤᠯᠤᠭᠰᠠᠨ ᠪᠠᠷᠢᠮᠲᠠ ᠪᠢᠴᠢᠭ ᠦᠳ ᠲᠦ ᠨᠢᠰᠦᠯᠭᠡ ᠦᠢᠯᠡᠳᠬᠦ ᠳᠠᠪᠲᠠᠮᠵᠢ᠂ ᠪᠠᠭᠲᠠᠭᠠᠮᠵᠢ ᠵᠡᠷᠭᠡ ᠶᠢ ᠲᠤᠰᠬᠠᠭ᠎ᠠ ᠦᠭᠡᠢ ᠪᠣᠯ ᠡᠨᠡ ᠫᠷᠣᠲ᠋ᠣᠺᠣᠯ ᠳᠤ ᠵᠣᠷᠴᠢᠭᠴᠢ ᠲᠡᠭᠡᠭᠡᠪᠦᠷᠢ ᠶᠢᠨ ᠨᠢᠰᠦᠯᠭᠡ ᠠᠯᠢᠪᠠ ᠠᠭᠠᠷ ᠤᠨ ᠬᠥᠯᠭᠡ ᠶᠢᠨ ᠪᠠᠭᠲᠠᠭᠠᠮᠵᠢ ᠶᠢᠨ ᠬᠢᠵᠠᠭᠠᠷᠯᠠᠯᠲᠠ ᠦᠭᠡᠢ 7 ᠬᠣᠨᠣᠭ ᠲᠤ 7 ᠳᠠᠪᠲᠠᠮᠵᠢ ᠲᠠᠢ᠂ ᠬᠠᠷᠢᠨ ᠠᠴᠢᠶ᠎ᠠ ᠲᠡᠭᠡᠭᠡᠪᠦᠷᠢ ᠶᠢᠨ ᠨᠢᠰᠦᠯᠭᠡ ᠳᠦ ᠠᠯᠢᠪᠠ ᠬᠢᠵᠠᠭᠠᠷᠯᠠᠯᠲᠠ ᠲᠠᠯᠪᠢᠬᠤ ᠦᠭᠡᠢ ᠪᠠᠶᠢᠬᠤ ᠪᠠᠷ ᠲᠤᠰᠬᠠᠵᠠᠢ᠃
ᠮᠥᠨ 1997 ᠣᠨ  ᠳᠤ ᠪᠠᠶᠢᠭᠤᠯᠤᠭᠰᠠᠨ ᠬᠠᠷᠢᠯᠴᠠᠨ ᠣᠶᠢᠯᠠᠭᠠᠯᠴᠠᠯ ᠤᠨ ᠰᠠᠨᠠᠮᠵᠢ ᠪᠢᠴᠢᠭ ᠲᠦ ᠲᠣᠬᠢᠷᠠᠯᠴᠠᠭᠰᠠᠨ ᠮᠠᠷᠱᠷᠦ᠋ᠲ ᠲᠤᠰ ᠪᠦᠷᠢ ᠳᠦ ᠲᠠᠯ᠎ᠠ ᠪᠦᠷᠢ ᠡᠴᠡ ᠨᠢᠭᠡ ᠠᠭᠠᠷ ᠤᠨ ᠲᠡᠭᠡᠭᠡᠪᠦᠷᠢᠯᠡᠭᠴᠢ ᠨᠢᠰᠦᠯᠭᠡ ᠦᠢᠯᠡᠳᠬᠦ ᠪᠡᠷ ᠲᠣᠬᠢᠷᠠᠭᠰᠠᠨ ᠨᠢ ᠣᠷᠣᠰ  ᠤᠨ ᠮᠣᠰᠺᠸᠠ᠂ ᠡᠷᠬᠦᠦ᠂ ᠤᠯᠠᠭᠠᠨ-ᠦᠳᠡ ᠴᠢᠭᠯᠡᠯ ᠳᠦ ᠪᠤᠰᠤᠳ ᠠᠭᠠᠷ ᠤᠨ ᠲᠡᠭᠡᠭᠡᠪᠦᠷᠢᠯᠡᠭᠴᠢ ᠨᠢᠰᠦᠯᠭᠡ ᠦᠢᠯᠡᠳᠬᠦ ᠪᠣᠯᠤᠮᠵᠢ ᠶᠢ ᠬᠢᠵᠠᠭᠠᠷᠯᠠᠭᠠᠳ ᠪᠠᠶᠢᠪᠠ᠃ ᠡᠨᠡ ᠫᠷᠣᠲ᠋ᠣᠺᠣᠯ ᠢ ᠪᠠᠶᠢᠭᠤᠯᠤᠭᠰᠠᠨ ᠢᠶᠠᠷ ᠣᠷᠣᠰ ᠤᠷᠤᠭᠤ ᠣᠯᠠᠨ ᠲᠣᠭᠠᠨ ᠤ ᠠᠭᠠᠷ ᠤᠨ ᠲᠡᠭᠡᠭᠡᠪᠦᠷᠢᠯᠡᠭᠴᠢ ᠨᠢᠰᠦᠯᠭᠡ ᠦᠢᠯᠡᠳᠬᠦ ᠪᠣᠯᠤᠮᠵᠢ ᠪᠥᠷᠢᠳᠴᠦ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ