ᠣᠯᠠᠨ ᠤᠯᠤᠰ ᠤᠨ ᠣᠶᠤᠲᠠᠨ ᠤ ᠰᠫᠣᠷᠲ ᠤᠨ ᠹᠧᠰᠲ᠋ᠢᠸᠠᠯ ᠣᠷᠣᠰ ᠤᠨ ᠶᠧᠺᠠᠲ᠋ᠧᠷᠢᠨᠪᠦ᠋ᠷᠡᠭ ᠬᠤᠲᠠᠨ᠎ᠠ ᠡᠨᠡ ᠰᠠᠷ᠎ᠠ ᠶᠢᠨ 19-31 ᠳᠦ ᠪᠣᠯᠬᠤ ᠭᠡᠵᠦ ᠪᠠᠶᠢᠨ᠎ᠠ᠃ ᠮᠣᠩᠭᠣᠯ ᠤᠯᠤᠰ ᠠᠴᠠ ᠵᠢᠤᠳᠤᠤ᠂ ᠰᠠᠮᠪᠣ᠂ ᠤᠰᠤᠨ ᠰᠡᠯᠢᠯᠲᠡ᠂ ᠲᠠᠶ᠋ᠸᠺᠸᠤᠨᠳᠤ᠋ ᠂ ᠤᠷᠠᠨ ᠰᠠᠶᠢᠬᠠᠨ ᠤ ᠭᠢᠮᠨᠡᠰᠲ᠋ᠢᠺ᠂ ᠴᠢᠯᠦᠭᠡᠲᠦ ᠪᠥᠬᠡ᠂ ᠰᠢᠷᠡᠭᠡᠨ ᠦ ᠲᠧᠨᠨᠢᠰ᠂ ᠡᠮᠡᠭᠲᠡᠢ ᠸᠣᠯᠧᠢᠪᠣᠯ᠂ 3 *3 ᠰᠠᠭᠰᠤᠨ ᠪᠥᠮᠪᠥᠭᠡ ᠵᠡᠷᠭᠡ ᠰᠫᠣᠷᠲ ᠤᠨ 9 ᠲᠥᠷᠥᠯ ᠳᠦ 12 ᠶᠡᠬᠡ᠂ ᠳᠡᠭᠡᠳᠦ ᠰᠤᠷᠭᠠᠭᠤᠯᠢ ᠶᠢᠨ 90 ᠣᠶᠤᠲᠠᠨ ᠲᠠᠮᠢᠷᠴᠢᠨ᠂ 24 ᠳᠠᠰᠬᠠᠯᠵᠢᠭᠤᠯᠤᠭᠴᠢ ᠪᠠᠭᠰᠢ᠂ ᠠᠯᠪᠠᠨ ᠤ ᠬᠦᠮᠦᠨ᠂ ᠨᠡᠶᠢᠲᠡ ᠳᠦ ᠪᠡᠨ 114 ᠲᠥᠯᠥᠭᠡᠯᠡᠭᠴᠢᠳ ᠣᠷᠣᠯᠴᠠᠵᠤ ᠪᠠᠶᠢᠨ᠎ᠠ᠃
ᠡᠬᠢᠨ ᠦ ᠬᠡᠰᠡᠭ ᠪᠣᠯᠬᠤ ᠠᠯᠪᠠᠨ ᠤ ᠬᠦᠮᠦᠰ᠂ ᠤᠰᠤᠨ ᠳᠤ ᠰᠡᠯᠢᠯᠲᠡ ᠶᠢᠨ ᠪᠠᠭ ᠤᠨ ᠬᠠᠮᠲᠤ ᠥᠨᠥᠳᠥᠷ ᠥᠷᠯᠥᠭᠡ ᠣᠷᠣᠰ ᠢ ᠵᠣᠷᠢᠯ᠎ᠠ᠃ ᠨᠠᠭᠠᠳᠤᠮ ᠳᠤ ᠳᠡᠯᠡᠬᠡᠢ ᠶᠢᠨ 35 ᠣᠷᠣᠨ ᠤ 4000 ᠣᠷᠴᠢᠮ ᠲᠥᠯᠥᠭᠡᠯᠡᠭᠴᠢᠳ ᠰᠫᠣᠷᠲ ᠤᠨ 14 ᠲᠥᠷᠥᠯ ᠢᠶᠡᠷ ᠥᠷᠢᠰᠦᠯᠳᠦᠨ᠎ᠡ᠃