ᠤᠰᠤᠨ ᠤ ᠣᠰᠣᠯ ᠢᠶᠠᠷ 49 ᠢᠷᠭᠡᠨ  ᠠᠮᠢ ᠪᠠᠨ  ᠠᠯᠳᠠᠵᠠᠢ | News.MN

ᠤᠰᠤᠨ ᠤ ᠣᠰᠣᠯ ᠢᠶᠠᠷ 49 ᠢᠷᠭᠡᠨ  ᠠᠮᠢ ᠪᠠᠨ  ᠠᠯᠳᠠᠵᠠᠢ

ᠣᠨ ᠤ ᠡᠬᠢᠨ ᠡᠴᠡ ᠤᠳᠤ ᠪᠤᠯᠲᠠᠯ᠎ᠠ ᠤᠯᠤᠰ ᠤᠨ ᠬᠡᠮᠵᠢᠶᠡᠨ ᠳᠦ ᠥᠨᠥᠳᠥᠷ ᠦᠨ ᠪᠠᠶᠢᠳᠠᠯ ᠢᠶᠠᠷ ᠨᠡᠶᠢᠰᠯᠡᠯ ᠦᠨ 5 ᠳᠡᠭᠦᠷᠭᠡ᠂ 16 ᠠᠶᠢᠮᠠᠭ ᠤᠨ 42 ᠰᠤᠮᠤᠨ ᠳᠤ ᠨᠡᠶᠢᠲᠡ 53 ᠤᠳᠠᠭ᠎ᠠ ᠶᠢᠨ ᠤᠰᠤᠨ ᠤ ᠣᠰᠣᠯ ᠪᠦᠷᠢᠳᠬᠡᠭᠳᠡᠵᠦ᠂ 49 ᠢᠷᠭᠡᠨ ᠠᠮᠢ ᠨᠠᠰᠤ ᠪᠠᠨ ᠠᠯᠳᠠᠭᠰᠠᠨ ᠪᠠᠶᠢᠨ᠎ᠠ᠃ ᠡᠭᠦᠨ ᠦ 14 ᠨᠢ ᠬᠡᠦᠬᠡᠳ᠂ 35 ᠨᠢ ᠲᠣᠮᠣ ᠬᠦᠮᠦᠨ ᠶᠤᠮ᠃
ᠤᠰᠤᠨ ᠤ ᠣᠰᠣᠯ ᠢᠶᠠᠷ ᠠᠮᠢ ᠨᠠᠰᠤ ᠪᠠᠨ ᠠᠯᠳᠠᠵᠤ ᠪᠠᠶᠢᠭ᠎ᠠ ᠭᠣᠣᠯ ᠰᠢᠯᠲᠠᠭᠠᠨ ᠨᠢ ᠠᠩᠬᠠᠷᠤᠯ ᠪᠣᠯᠭᠣᠮᠵᠢ ᠦᠭᠡᠢ ᠪᠠᠶᠢᠳᠠᠯ ᠠᠴᠠ ᠡᠭᠦᠳᠦᠯᠲᠡᠢ ᠶᠤᠮ ᠪᠠᠶᠢᠨ᠎ᠠ᠃ ᠡᠶᠢᠮᠦ ᠳᠦ ᠢᠷᠭᠡᠳ ᠭᠣᠣᠯ᠂ ᠮᠥᠷᠡᠨ ᠨᠠᠭᠤᠷ ᠤᠨ ᠣᠶᠢᠷᠠᠯᠴᠠᠭ᠎ᠠ ᠠᠮᠠᠷᠠᠵᠤ ᠵᠤᠭᠠᠯᠠᠬᠤ ᠳᠤ ᠪᠠᠨ ᠰᠣᠨᠣᠷ ᠰᠡᠷᠡᠮᠵᠢᠲᠡᠢ ᠪᠠᠶᠢᠬᠤ᠂ ᠬᠡᠦᠬᠡᠳ ᠢ ᠭᠣᠣᠯ ᠤᠨ ᠡᠷᠭᠢ ᠳᠠᠭᠠᠤ ᠲᠣᠭᠯᠠᠭᠤᠯᠬᠤ ᠦᠭᠡᠢ ᠪᠠᠶᠢᠬᠤ᠂ ᠰᠲ᠋ᠠᠨᠳᠠᠷᠲ ᠤᠨ ᠪᠤᠰᠤ ᠵᠠᠪᠢ᠂ ᠬᠡᠶᠢᠯᠡᠳᠡᠭ ᠭᠤᠲᠤᠰᠤ ᠵᠡᠷᠭᠡ ᠶᠢ ᠠᠰᠢᠭᠯᠠᠬᠤ ᠦᠭᠡᠢ ᠪᠠᠶᠢᠬᠤ᠂ ᠰᠤᠭᠳᠤᠭᠤᠷᠠᠭᠤᠯᠬᠤ ᠤᠮᠳᠠᠭᠠᠨ ᠬᠡᠷᠡᠭᠯᠡᠭᠰᠡᠨ ᠦᠶ᠎ᠡ ᠳᠦ ᠪᠡᠨ ᠭᠣᠣᠯ ᠤᠰᠤᠨ ᠳᠤ ᠣᠷᠣᠬᠤ ᠦᠭᠡᠢ ᠪᠠᠶᠢᠬᠤ᠂ ᠪᠠᠲᠤᠯᠠᠭ᠎ᠠ ᠲᠠᠢ ᠭᠦᠭᠦᠷᠭᠡ᠂ ᠭᠠᠷᠠᠮ᠂ ᠭᠠᠷᠴᠠ ᠲᠠᠢ ᠭᠠᠵᠠᠷ ᠢᠶᠠᠷ ᠵᠣᠷᠴᠢᠬᠤ᠂ ᠤᠯᠠᠮ ᠢᠶᠠᠷ ᠮᠡᠷᠭᠡᠵᠢᠯ ᠦᠨ ᠪᠠᠶᠢᠭᠤᠯᠤᠯᠭ᠎ᠠ ᠠᠴᠠ ᠥᠭᠴᠦ ᠪᠠᠶᠢᠭ᠎ᠠ ᠵᠢᠭᠠᠪᠤᠷᠢ᠂ ᠵᠥᠪᠯᠡᠭᠡ ᠶᠢ ᠳᠠᠭᠠᠬᠤ ᠶᠢ ᠤᠨᠴᠠᠭᠠᠢ ᠪᠠᠢᠳᠠᠯ ᠤᠨ ᠶᠡᠷᠦᠩᠬᠡᠢ ᠭᠠᠵᠠᠷ ᠠᠴᠠ ᠠᠩᠬᠠᠷᠤᠭᠤᠯᠤᠯ᠎ᠠ᠃

ᠰᠡᠳᠬᠢᠭᠳᠡᠯ ᠦᠯᠡᠳᠡᠭᠡᠬᠦ