ᠡᠮᠦᠨᠡᠭᠤᠪᠢ ᠶᠢᠨ 40 ᠭᠠᠷᠤᠢ ᠬᠤᠪᠢ ᠳᠤ ᠵᠤᠨᠰᠢᠯᠠᠭ᠎ᠠ ᠮᠠᠭᠤ ᠪᠠᠶᠢᠨ᠎ᠠ | News.MN

ᠡᠮᠦᠨᠡᠭᠤᠪᠢ ᠶᠢᠨ 40 ᠭᠠᠷᠤᠢ ᠬᠤᠪᠢ ᠳᠤ ᠵᠤᠨᠰᠢᠯᠠᠭ᠎ᠠ ᠮᠠᠭᠤ ᠪᠠᠶᠢᠨ᠎ᠠ

ᠡᠮᠦᠨᠡᠭᠣᠪᠢ ᠠᠶᠢᠮᠠᠭ ᠤᠨ ᠨᠡᠶᠢᠲᠡ ᠨᠤᠲᠤᠭ ᠢᠶᠠᠷ ᠪᠡᠯᠴᠢᠭᠡᠷ ᠦᠨ ᠤᠷᠭᠤᠮᠠᠯ ᠤᠨ ᠭᠠᠷᠴᠠ᠂ ᠵᠤᠨᠰᠢᠯᠠᠭ᠎ᠠ ᠨᠠᠢ᠌ᠮᠠᠳᠤᠭᠠᠷ ᠰᠠᠷ᠎ᠠ ᠶᠢᠨ 15  ᠤ ᠪᠠᠶᠢᠳᠠᠯ ᠢᠶᠠᠷ ᠨᠡᠶᠢᠲᠡ ᠨᠤᠲᠤᠭ ᠤᠨ ᠲᠠᠪᠤ ᠭᠠᠷᠤᠢ ᠬᠤᠪᠢ ᠳᠤ ᠨᠣᠭᠣᠭ᠎ᠠ ᠲᠠᠢ᠂ 55 ᠣᠷᠴᠢᠮ ᠬᠤᠪᠢ ᠳᠤ ᠳᠤᠮᠳᠠ ᠵᠡᠷᠭᠡ᠂ 40 ᠬᠤᠪᠢ ᠳᠤ ᠭᠠᠩ ᠲᠠᠢ ᠪᠠᠶᠢᠭ᠎ᠠ ᠶᠤᠮ᠃
ᠵᠤᠨᠰᠢᠯᠠᠭ᠎ᠠ ᠶᠢᠨ ᠶᠡᠷᠦᠩᠬᠡᠢ ᠵᠢᠷᠤᠭᠯᠠᠯ ᠢ ᠬᠠᠷᠠᠬᠤ ᠳᠤ ᠠᠶᠢᠮᠠᠭ ᠤᠨ ᠪᠠᠷᠠᠭᠤᠨ ᠪᠥᠰᠡ ᠪᠤᠶᠤ ᠭᠤᠷᠪᠠᠨᠲᠡᠰ᠂ ᠨᠣᠶᠠᠨ᠂ ᠰᠡᠪᠡᠷᠡᠢ ᠵᠡᠷᠭᠡ ᠰᠤᠮᠤ ᠶᠢᠨ ᠨᠡᠶᠢᠲᠡ ᠨᠤᠲᠤᠭ ᠤᠨ 85-90 ᠭᠠᠷᠤᠢ ᠬᠤᠪᠢ ᠳᠤ ᠨᠣᠭᠣᠭ᠎ᠠ ᠤᠷᠭᠤᠭ᠎ᠠ ᠦᠭᠡᠢ ᠭᠠᠩ ᠲᠠᠢ᠂ ᠪᠤᠯᠠᠭᠠᠨ᠂ ᠮᠠᠨᠳᠤᠯ-ᠣᠪᠣᠭ᠎ᠠ᠂ ᠴᠣᠭᠲᠤ-ᠣᠪᠣᠭ᠎ᠠ᠂ ᠴᠣᠭᠲᠤᠴᠡᠴᠡᠢ ᠰᠤᠮᠤ ᠶᠢᠨ ᠨᠤᠲᠤᠭ ᠢᠶᠠᠷ ᠵᠤᠨᠰᠢᠯᠠᠭ᠎ᠠ ᠰᠠᠶᠢᠨ ᠪᠠᠶᠢᠨ᠎ᠠ᠃

ᠰᠡᠳᠬᠢᠭᠳᠡᠯ ᠦᠯᠡᠳᠡᠭᠡᠬᠦ