ᠨᠡᠶᠢᠰᠯᠡᠯ ᠦᠨ ᠬᠡᠮᠵᠢᠶᠡᠨ ᠳᠦ ᠡᠨᠡ ᠣᠨ ᠳᠤ 16 ᠪᠠᠶᠢᠷᠢᠰᠢᠯ ᠳᠤ ᠵᠠᠮ ᠤᠨ ᠵᠠᠰᠠᠪᠤᠷᠢ᠂ ᠰᠢᠨᠡᠴᠢᠯᠡᠯ ᠬᠢᠬᠦ ᠡᠴᠡ ᠲᠠᠪᠤᠨ ᠪᠠᠶᠢᠷᠢᠰᠢᠯ ᠤᠨ ᠠᠵᠢᠯ ᠪᠦᠷᠢᠨ ᠳᠠᠭᠤᠰᠴᠠᠢ᠃ ᠡᠭᠦᠨ ᠡᠴᠡ 18 ᠪᠠᠶᠢᠷᠢᠰᠢᠯ ᠳᠤ 40 ᠮᠢᠩᠭᠠᠨ ᠠᠮᠠ ᠮᠧᠲ᠋ᠷ ᠣᠷᠴᠢᠮ ᠶᠠᠪᠠᠭᠠᠨ ᠪᠣᠯᠤᠨ ᠳᠤᠭᠤᠢ ᠶᠢᠨ ᠵᠠᠮ ᠤᠨ ᠠᠵᠢᠯ ᠬᠢᠭᠰᠡᠨ ᠪᠠᠶᠢᠨ᠎ᠠ᠃
ᠲᠥᠪ ᠦᠨ ᠵᠢᠷᠭᠤᠭᠠᠨ ᠳᠡᠭᠦᠷᠭᠡ ᠶᠢᠨ ᠬᠡᠮᠵᠢᠶᠡᠨ ᠳᠦ ᠪᠠᠷᠢᠯᠭ᠎ᠠ ᠶᠢᠨ ᠰᠠᠭᠤᠷᠢ ᠨᠦᠬᠡ ᠤᠬᠤᠭᠠᠳ ᠤᠳᠠᠭᠠᠨ ᠬᠤᠭᠤᠴᠠᠭᠠᠨ ᠳᠤ ᠣᠷᠬᠢᠭᠰᠠᠨ 104 ᠪᠠᠶᠢᠷᠢᠰᠢᠯ ᠪᠠᠶᠢᠭ᠎ᠠ ᠶᠤᠮ᠃ ᠡᠭᠦᠨ ᠡᠴᠡ ᠨᠢ 88 ᠨᠢ《ᠠ》ᠳᠠᠭᠠᠭᠠᠯᠭᠠᠪᠤᠷᠢ ᠲᠠᠢ ᠪᠣᠯ 16 ᠨᠢ《ᠠ》 ᠳᠠᠭᠠᠭᠠᠯᠭᠠᠪᠤᠷᠢ ᠦᠭᠡᠢ᠃ ᠮᠥᠨ ᠪᠠᠷᠢᠯᠭ᠎ᠠ ᠶᠢᠨ ᠠᠵᠢᠯ ᠬᠢᠵᠦ ᠪᠤᠢ 197 ᠪᠠᠶᠢᠷᠢᠰᠢᠯ ᠳᠤ 751 ᠣᠪᠶᠧᠺᠲ ᠲᠤ ᠬᠢᠨᠠᠯᠲᠠ ᠰᠢᠯᠭᠠᠯᠲᠠ ᠬᠢᠬᠦ ᠳᠦ 117 ᠵᠥᠷᠢᠴᠡᠯ ᠢᠯᠡᠷᠡᠭᠰᠡᠨ ᠪᠠᠶᠢᠨ᠎ᠠ᠃