ᠨᠢᠰᠬᠦ ᠵᠠᠭᠪᠤᠷ ᠤᠨ ᠰᠫᠣᠷᠲ ᠤᠨ ᠵᠢᠯᠤᠭᠤᠳᠤᠯᠭᠠᠲᠤ ᠵᠠᠭᠪᠤᠷ ᠤᠨ ᠳᠡᠯᠡᠬᠡᠢ ᠶᠢᠨ ᠴᠣᠮᠣ ᠶᠢᠨ ᠲᠡᠮᠡᠴᠡᠭᠡᠨ᠂ ᠨᠢᠰᠬᠦ ᠵᠠᠭᠪᠤᠷ ᠤᠨ ᠰᠫᠣᠷᠲ ᠤᠨ ᠳᠠᠰᠬᠠᠯᠵᠢᠭᠤᠯᠤᠭᠴᠢ ᠳ ∙ ᠵᠠᠨᠠᠪᠠᠽᠠᠷ ᠤᠨ ᠨᠡᠷᠡᠮᠵᠢᠲᠦ ᠳᠡᠯᠡᠬᠡᠢ ᠶᠢᠨ ᠴᠣᠮᠣ ᠶᠢᠨ ᠲᠡᠮᠡᠴᠡᠭᠡᠨ ᠮᠠᠨ ᠤ ᠤᠯᠤᠰ ᠲᠤ ᠨᠠᠢ᠌ᠮᠠᠳᠤᠭᠠᠷ ᠰᠠᠷ᠎ᠠ ᠶᠢᠨ 9-14 ᠦ ᠡᠳᠦᠷ ᠦᠳ ᠲᠦ ᠵᠣᠬᠢᠶᠠᠨ ᠪᠠᠢᠭᠤᠯᠤᠭᠳᠠᠪᠠ᠃
ᠨᠢᠰᠬᠦ ᠵᠠᠭᠪᠤᠷ ᠤᠨ ᠰᠫᠣᠷᠲ ᠤᠨ ᠳᠡᠯᠡᠬᠡᠢ ᠶᠢᠨ ᠴᠣᠮᠣ ᠶᠢᠨ ᠲᠡᠮᠡᠴᠡᠭᠡᠨ ᠨᠦᠭᠦᠳ ᠦᠨ ᠤᠷᠠᠨ ᠨᠢᠰᠦᠯᠭᠡ ᠶᠢᠨ F2B ᠠᠩᠭᠢᠯᠠᠯ ᠳᠤ ᠬᠢᠲᠠᠳ ᠠᠴᠠ ᠬᠠᠮᠤᠭ ᠤᠨ ᠣᠯᠠᠨ ᠪᠤᠶᠤ ᠲᠢᠪ᠂ ᠳᠡᠯᠡᠬᠡᠢ ᠶᠢᠨ ᠲᠡᠮᠡᠴᠡᠭᠡᠨ ᠨᠦᠭᠦᠳ ᠦᠨ ᠮᠧᠳᠠᠯᠳᠤ ᠰᠢᠯᠢᠳᠡᠭ 12 ᠲᠠᠮᠢᠷᠴᠢᠨ ᠬᠦᠷᠦᠯᠴᠡᠨ ᠢᠷᠡᠵᠦ ᠣᠷᠣᠯᠴᠠᠵᠤ ᠪᠤᠢ ᠶᠤᠮ᠃ ᠲᠡᠮᠡᠴᠡᠭᠡᠨ ᠳᠦ ᠮᠣᠩᠭᠣᠯ᠂ ᠬᠢᠲᠠᠳ᠂ ᠶᠠᠫᠣᠨ ᠤᠯᠤᠰ ᠤᠨ 40 ᠊ᠭᠡᠳ ᠲᠠᠮᠢᠷᠴᠢᠨ ᠣᠷᠣᠯᠴᠠᠵᠤ ᠪᠠᠶᠢᠭ᠎ᠠ ᠪᠠ ᠬᠠᠮᠤᠭ ᠤᠨ ᠣᠳᠬᠣᠨ ᠨᠢ ᠬᠢᠲᠠᠳ ᠤᠨ ᠲᠠᠮᠢᠷᠴᠢᠨ ᠨᠠᠢ᠌ᠮᠠᠨ ᠨᠠᠰᠤᠲᠠᠢ ᠬᠦᠦ᠂ ᠠᠬᠠᠮᠠᠳ ᠨᠢ ᠶᠠᠫᠣᠨ ᠤᠯᠤᠰ ᠤᠨ ᠲᠠᠮᠢᠷᠴᠢᠨ 75 ᠨᠠᠰᠤᠲᠠᠢ ᠠᠲ᠋ᠠᠶᠧ ᠶᠠᠰᠠᠺᠢ ᠠᠵᠠᠢ᠃