ᠪᠤᠤᠳᠠᠯᠭ᠎ᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠬᠢᠯᠡᠯ᠎ᠡ | News.MN

ᠪᠤᠤᠳᠠᠯᠭ᠎ᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠬᠢᠯᠡᠯ᠎ᠡ

ᠪᠤᠤᠳᠠᠯᠭ᠎ᠠ ᠶᠢᠨ ᠰᠫᠣᠷᠲ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ 54 ᠳ᠋ᠡᠬᠢ ᠤᠳᠠᠭ᠎ᠠ ᠶᠢᠨ ᠲᠡᠮᠡᠴᠡᠭᠡᠨ ᠠᠽᠧᠷᠪᠠᠶᠢᠵᠠᠨ ᠤ ᠨᠡᠶᠢᠰᠯᠡᠯ ᠪᠠᠺᠦ᠋ ᠬᠤᠲᠠ ᠳᠤ ᠡᠬᠢᠯᠡᠯ᠎ᠡ᠃ ᠶᠢᠰᠦᠳᠦᠭᠡᠷ ᠰᠠᠷ᠎ᠠ ᠶᠢᠨ ᠨᠢᠭᠡᠨ ᠬᠦᠷᠲᠡᠯ᠎ᠡ ᠦᠷᠭᠦᠯᠵᠢᠯᠡᠬᠦ ᠲᠡᠮᠡᠴᠡᠭᠡᠨ ᠳᠦ ᠮᠣᠩᠭᠣᠯ ᠤᠯᠤᠰ ᠠᠴᠠ 15 ᠮᠡᠷᠭᠡᠨ ᠪᠤᠤᠴᠢ ᠣᠷᠣᠯᠴᠠᠨ᠎ᠠ᠃
ᠲᠡᠮᠡᠴᠡᠭᠡᠨ ᠳᠦ ᠳᠡᠯᠡᠬᠡᠢ ᠶᠢᠨ 101 ᠣᠷᠣᠨ ᠤ 1249 ᠲᠠᠮᠢᠷᠴᠢᠨ ᠪᠦᠷᠢᠳᠬᠡᠭᠦᠯᠦᠭᠰᠡᠨ ᠪᠥᠭᠡᠳ ᠡᠷᠡᠭᠲᠡᠢ᠂ ᠡᠮᠡᠭᠲᠡᠢ᠂ ᠬᠣᠯᠢᠮᠠᠭ ᠨᠡᠶᠢᠯᠡᠭᠰᠡᠨ 71 ᠲᠥᠷᠥᠯ ᠳᠦ ᠴᠡᠴᠡ ᠮᠡᠷᠭᠡᠨ ᠢᠶᠡᠨ ᠰᠣᠷᠢᠬᠤ ᠶᠤᠮ᠃ ᠮᠣᠩᠭᠣᠯ ᠤᠨ ᠪᠠᠭ ᠲᠠᠮᠢᠷᠴᠢᠳ ᠠᠴᠠ ᠬᠠᠮᠤᠭ ᠤᠨ ᠠᠬᠠᠮᠠᠳ ᠨᠢ 49 ᠨᠠᠰᠤᠲᠠᠢ ᠼ᠂ ᠮᠥᠩᠬᠡ-ᠡᠷᠳᠡᠨᠢ ᠪᠣᠯ ᠬᠠᠮᠤᠭ ᠤᠨ ᠵᠠᠯᠠᠭᠤ ᠨᠢ 18 ᠨᠠᠰᠤᠲᠠᠢ ᠪᠠᠲᠤᠪᠠᠶᠠᠷ ᠤᠨ ᠡᠷᠬᠢᠮᠪᠠᠶᠠᠷ ᠪᠠᠶᠢᠨ᠎ᠠ᠃ ᠲᠡᠮᠡᠴᠡᠭᠡᠨ ᠳᠦ ᠠᠮᠵᠢᠯᠲᠠᠲᠠᠢ ᠣᠷᠣᠯᠴᠠᠭᠰᠠᠨ ᠲᠠᠮᠢᠷᠴᠢᠳ 2024 ᠣᠨ ᠤ ᠫᠠᠷᠢᠰ ᠤᠨ  ᠤᠯᠢᠮᠫᠢᠺ ᠤᠨ ᠡᠷᠬᠡ ᠠᠪᠤᠨ᠎ᠠ᠃

ᠰᠡᠳᠬᠢᠭᠳᠡᠯ ᠦᠯᠡᠳᠡᠭᠡᠬᠦ