ᠯ ∙ ᠤᠶᠤᠡᠡᠷᠳᠡᠨᠢ ᠯ ∙ ᠣᠰᠲ᠋ᠢᠨ ᠲᠠᠢ ᠠᠭᠤᠯᠵᠠᠪᠠ | News.MN

 ᠯ ∙ ᠤᠶᠤᠡᠡᠷᠳᠡᠨᠢ ᠯ ∙ ᠣᠰᠲ᠋ᠢᠨ ᠲᠠᠢ ᠠᠭᠤᠯᠵᠠᠪᠠ

ᠮᠣᠩᠭᠣᠯ ᠤᠯᠤᠰ ᠤᠨ ᠶᠡᠷᠦᠩᠬᠡᠢ ᠰᠠᠶᠢᠳ ᠯ∙ᠤᠶᠤᠡᠡᠷᠳᠡᠨᠢ ᠳᠤ ᠠᠮᠧᠷᠢᠺᠠ ᠶᠢᠨ ᠨᠢᠭᠡᠳᠦᠭᠰᠡᠨ ᠤᠯᠤᠰ ᠤᠨ ᠪᠠᠲᠤᠯᠠᠨ ᠬᠠᠮᠠᠭᠠᠯᠠᠬᠤ ᠶᠢᠨ ᠰᠠᠶᠢᠳ ᠯ ∙ᠣᠰᠲ᠋ᠢᠨ ᠭᠤᠷᠪᠠᠨ ᠤ ᠡᠳᠦᠷ ᠪᠠᠷᠠᠭᠠᠯᠬᠠᠵᠤ᠂ ᠬᠣᠶᠠᠷ ᠤᠯᠤᠰ ᠤᠨ ᠪᠠᠲᠤᠯᠠᠨ ᠬᠠᠮᠠᠭᠠᠯᠠᠬᠤ ᠰᠠᠯᠪᠤᠷᠢ ᠶᠢᠨ ᠬᠠᠮᠲᠤ ᠶᠢᠨ ᠠᠵᠢᠯᠯᠠᠭᠠᠨ ᠤ ᠲᠠᠯ᠎ᠠ ᠪᠠᠷ ᠰᠠᠨᠠᠯ ᠰᠤᠯᠢᠯᠴᠠᠪᠠ᠃
ᠤᠶᠤᠡᠡᠷᠳᠡᠨᠢ  ᠠᠮᠧᠷᠢᠺᠠ ᠶᠢᠨ ᠨᠢᠭᠡᠳᠦᠭᠰᠡᠨ ᠤᠯᠤᠰ ᠤᠨ ᠵᠠᠰᠠᠭ ᠵᠠᠬᠢᠷᠭ᠎ᠠ ᠮᠣᠩᠭᠣᠯ ᠤᠯᠤᠰ ᠤᠨ ᠵᠡᠪᠰᠡᠭᠲᠦ ᠬᠦᠴᠦᠨ ᠦ ᠴᠢᠳᠠᠪᠬᠢ ᠶᠢ ᠪᠡᠬᠢᠵᠢᠭᠦᠯᠬᠦ᠂ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠤᠨ ᠡᠩᠬᠡ ᠶᠢ ᠰᠠᠬᠢᠭᠤᠯᠬᠤ ᠠᠵᠢᠯᠯᠠᠭᠠᠨ ᠳ᠋ᠡᠬᠢ ᠮᠣᠩᠭᠣᠯ ᠤᠯᠤᠰ ᠤᠨ ᠣᠷᠣᠯᠴᠠᠭ᠎ᠠ ᠶᠢ ᠨᠡᠮᠡᠭᠳᠡᠭᠦᠯᠬᠦ ᠳᠦ ᠳᠡᠮᠵᠢᠯᠭᠡ ᠦᠵᠡᠭᠦᠯᠦᠨ ᠬᠠᠮᠲᠤᠷᠠᠨ ᠠᠵᠢᠯᠯᠠᠵᠤ ᠪᠠᠶᠢᠭ᠎ᠠ ᠳᠤ ᠲᠠᠯᠠᠷᠬᠠᠯ ᠢᠯᠡᠷᠬᠡᠶᠢᠯᠡᠪᠡ᠃ ᠯ ∙ ᠣᠰᠲ᠋ᠢᠨ ᠮᠣᠩᠭᠣᠯ ᠤᠯᠤᠰ ᠤᠨ ᠣᠯᠠᠨ ᠤᠯᠤᠰ ᠤᠨ ᠪᠣᠯᠤᠨ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠡᠩᠬᠡ ᠶᠢ ᠰᠠᠬᠢᠭᠤᠯᠬᠤ ᠦᠢᠯᠡ ᠬᠡᠷᠡᠭ ᠲᠦ ᠣᠷᠣᠭᠤᠯᠵᠤ ᠪᠠᠶᠢᠭ᠎ᠠ ᠬᠦᠴᠦᠨ ᠴᠢᠷᠮᠠᠶᠢᠯᠲᠠ᠂ ᠮᠣᠩᠭᠣᠯ ᠤᠨ ᠵᠡᠪᠰᠡᠭᠲᠦ ᠬᠦᠴᠦᠨ ᠦ ᠤᠷ᠎ᠠ ᠴᠢᠳᠠᠪᠤᠷᠢ ᠶᠢ ᠥᠨᠳᠥᠷ ᠢᠶᠡᠷ ᠦᠨᠡᠯᠡᠵᠦ᠂ ᠠᠮᠧᠷᠢᠺᠠ ᠶᠢᠨ ᠨᠢᠭᠡᠳᠦᠭᠰᠡᠨ ᠤᠯᠤᠰ ᠤᠨ ᠡᠩᠬᠡ ᠶᠢ ᠰᠠᠬᠢᠭᠤᠯᠤᠭᠴᠢᠳ ᠲᠠᠢ ᠠᠪᠭᠠᠨᠢᠰᠲ᠋ᠠᠨ᠂ ᠢᠷᠠᠺ ᠤᠯᠤᠰ ᠲᠤ ᠣᠯᠠᠨ ᠵᠢᠯ ᠦᠨ ᠲᠤᠷᠰᠢ ᠮᠥᠷᠥ ᠵᠡᠷᠭᠡᠴᠡᠨ ᠡᠭᠦᠷᠭᠡ ᠭᠦᠢᠴᠡᠳᠭᠡᠭᠰᠡᠨ ᠳᠦ ᠲᠠᠯᠠᠷᠬᠠᠯ ᠢᠯᠡᠷᠬᠡᠶᠢᠯᠡᠪᠡ᠃

ᠰᠡᠳᠬᠢᠭᠳᠡᠯ ᠦᠯᠡᠳᠡᠭᠡᠬᠦ