ᠤᠯᠤᠰ ᠤᠨ ᠬᠡᠮᠵᠢᠶᠡᠨ ᠳᠦ ᠳᠤᠯᠤᠳᠤᠭᠠᠷ ᠰᠠᠷ᠎ᠠ ᠶᠢᠨ ᠪᠠᠶᠢᠳᠠᠯ ᠢᠶᠠᠷ 201235 ᠵᠥᠷᠢᠴᠡᠯ ᠦᠨ ᠬᠡᠷᠡᠭ ᠪᠦᠷᠢᠳᠬᠡᠭᠳᠡᠭᠰᠡᠨ ᠨᠢ ᠡᠮᠦᠨᠡᠬᠢ ᠰᠠᠷ᠎ᠠ ᠲᠠᠢ ᠬᠠᠷᠢᠴᠠᠭᠤᠯᠬᠤ ᠳᠤ 24.7 ᠬᠤᠪᠢ ᠪᠠᠷ ᠪᠠᠭᠤᠷᠠᠭᠰᠠᠨ ᠪᠠᠶᠢᠨ᠎ᠠ᠃
ᠵᠥᠷᠢᠴᠡᠯ ᠦᠨ ᠨᠡᠶᠢᠲᠡ ᠬᠡᠷᠡᠭ ᠦᠨ 63.5 ᠬᠤᠪᠢ ᠨᠢ ᠨᠡᠶᠢᠰᠯᠡᠯ ᠳᠦ᠂ 36.5 ᠬᠤᠪᠢ ᠨᠢ ᠣᠷᠣᠨ ᠨᠤᠲᠤᠭ ᠲᠤ ᠪᠦᠷᠢᠳᠬᠡᠭᠳᠡᠭᠰᠡᠨ ᠪᠣᠯ 95.2 ᠬᠤᠪᠢ ᠶᠢ ᠴᠠᠭᠳᠠᠭ᠎ᠠ ᠶᠢᠨ ᠪᠠᠶᠢᠭᠤᠯᠤᠯᠭ᠎ᠠ᠂ 4.8 ᠬᠤᠪᠢ ᠶᠢ ᠪᠤᠰᠤᠳ ᠪᠠᠶᠢᠭᠤᠯᠤᠯᠭ᠎ᠠ ᠶᠢᠨ ᠡᠷᠬᠡ ᠪᠦᠬᠦᠢ ᠠᠯᠪᠠᠨ ᠲᠤᠰᠢᠶᠠᠯᠲᠠᠳ ᠰᠢᠯᠭᠠᠵᠤ᠂ ᠰᠢᠢᠳᠪᠦᠷᠢᠯᠡᠵᠡᠢ᠃ ᠵᠥᠷᠢᠴᠡᠯ ᠦᠢᠯᠡᠳᠦᠭᠰᠡᠨ ᠬᠦᠮᠦᠰ ᠦᠨ 79.8 ᠬᠤᠪᠢ ᠨᠢ ᠡᠷᠡᠭᠲᠡᠢ᠂ 20.2 ᠬᠤᠪᠢ ᠨᠢ ᠡᠮᠡᠭᠲᠡᠶᠢᠴᠦᠳ ᠪᠠᠶᠢᠭ᠎ᠠ ᠪᠣᠯ ᠳᠡᠶᠢᠯᠦᠩᠬᠢ ᠪᠤᠶᠤ 64.8 ᠬᠤᠪᠢ ᠨᠢ 26-45 ᠨᠠᠰᠤᠨ ᠤ ᠬᠢᠨ ᠪᠠᠶᠢᠨ᠎ᠠ᠃