ᠸᠴᠢᠷᠪᠠᠨᠢ ᠪᠤᠷᠬᠠᠨ ᠤ ᠳᠦᠷᠢ ᠶᠢ ᠵᠠᠯᠠᠵᠤ᠂ ᠲᠠᠬᠢᠯ᠎ᠠ | News.MN

ᠸᠴᠢᠷᠪᠠᠨᠢ ᠪᠤᠷᠬᠠᠨ ᠤ ᠳᠦᠷᠢ ᠶᠢ ᠵᠠᠯᠠᠵᠤ᠂ ᠲᠠᠬᠢᠯ᠎ᠠ

《ᠳᠠᠩᠱᠢᠭ ᠨᠠᠭᠠᠳᠤᠮ-ᠬᠦᠷᠢᠶ᠎ᠡ ᠴᠠᠮ 2023》 ᠱᠠᠰᠢᠨ ᠰᠤᠶᠤᠯ ᠤᠨ ᠨᠠᠭᠠᠳᠤᠮ ᠬᠦᠢ ᠳᠤᠯᠤᠭᠠᠨ ᠬᠤᠳᠳᠤᠭ ᠲᠤ ᠬᠤᠶᠠᠳᠠᠬᠢ ᠡᠳᠦᠷ ᠢᠶᠡᠨ ᠦᠷᠭᠦᠯᠵᠢᠯᠡᠵᠦ᠂ ᠮᠣᠩᠭᠣᠯ ᠲᠦᠮᠡᠨ ᠢ ᠢᠪᠡᠭᠡᠭᠴᠢ᠂ ᠡᠪ ᠨᠢᠭᠡᠳᠦᠯ ᠬᠦᠴᠦ ᠴᠢᠳᠠᠯ ᠤᠨ ᠪᠡᠯᠭᠡᠳᠡᠯ ᠸᠴᠢᠷᠪᠠᠨᠢ ᠪᠤᠷᠬᠠᠨ ᠤ ᠳᠦᠷᠢ ᠶᠢ ᠵᠠᠯᠠᠵᠤ᠂ ᠲᠠᠬᠢᠯ᠎ᠠ᠃
ᠡᠨᠡ  ᠰᠢᠲᠦᠭᠡᠨ ᠢ ᠮᠣᠩᠭᠣᠯ ᠣᠷᠣᠨ ᠢ ᠳᠠᠭᠠᠭᠠᠭᠰᠠᠨ ᠶᠡᠬᠡ ᠢᠳᠠᠮ ᠪᠤᠷᠬᠠᠨ ᠬᠡᠮᠡᠳᠡᠭ ᠪᠥᠭᠡᠳ ᠰᠢᠲᠦᠭᠡᠨ ᠢ ᠮᠣᠩᠭᠣᠯᠴᠤᠳ ᠤᠨ ᠪᠤᠶᠠᠨ ᠬᠡᠰᠢᠭ᠂ ᠴᠣᠭ ᠬᠡᠶᠢᠮᠣᠷᠢ ᠶᠢ ᠳᠡᠯᠭᠡᠷᠡᠭᠦᠯᠦᠨ ᠪᠠᠳᠠᠷᠠᠭᠠᠨ ᠳᠠᠭᠠᠭᠠᠵᠤ ᠶᠠᠪᠤᠳᠠᠭ ᠭᠡᠵᠦ ᠪᠤᠷᠬᠠᠨ ᠤ ᠱᠠᠰᠢᠨ ᠳᠤ ᠦᠵᠡᠳᠡᠭ ᠪᠠᠶᠢᠨ᠎ᠠ᠃
ᠰᠢᠲᠦᠭᠡᠨ ᠢ ᠪᠦᠲᠦᠭᠡᠬᠦ ᠳᠦ ᠪᠡᠨ ᠮᠣᠩᠭᠣᠯᠴᠤᠳ ᠤᠨ ᠴᠣᠭ ᠬᠡᠶᠢᠮᠣᠷᠢ᠂ ᠡᠳ᠋ ᠪᠠᠶᠠᠯᠢᠭ ᠤᠨ ᠪᠡᠯᠭᠡᠳᠡᠯ ᠪᠣᠭᠳᠠ ᠸᠴᠢᠷᠪᠠᠨᠢ ᠪᠤᠷᠬᠠᠨ ᠢ ᠭᠣᠣᠯ ᠳᠤ ᠪᠠᠶᠢᠷᠢᠯᠠᠭᠤᠯᠵᠤ᠂ ᠵᠡᠭᠦᠨ ᠳᠤᠤᠷᠠᠳᠤ ᠬᠡᠰᠡᠭ ᠨᠢ ᠲᠥᠷᠥ ᠶᠢᠨ ᠳᠣᠯᠣᠭᠠᠨ ᠡᠷᠳᠡᠨᠢ ᠶᠢ ᠳᠦᠷᠰᠦᠯᠡᠭᠰᠡᠨ ᠪᠣᠯ ᠳᠤᠤᠷᠠᠳᠤ ᠬᠡᠰᠡᠭ ᠲᠦ ᠨᠢ ᠨᠣᠮᠳᠤ ᠭᠤᠷᠪᠠᠨ ᠬᠠᠭᠠᠨ ᠶᠡᠬᠡ ᠡᠵᠡᠨ ᠴᠢᠩᠭᠢᠰ᠂  ᠦᠭᠡᠳᠡᠢ᠂ ᠬᠤᠪᠢᠯᠠᠢ ᠨᠠᠷ ᠤᠨ ᠬᠥᠷᠥᠭ ᠢ ᠪᠠᠶᠢᠷᠢᠯᠠᠭᠤᠯᠤᠭᠰᠠᠨ ᠪᠠᠶᠢᠨ᠎ᠠ᠃ ᠡᠷᠭᠢᠨ ᠲᠣᠭᠣᠷᠢᠨ ᠳᠤ ᠨᠢ ᠴᠡᠴᠡᠭ ᠨᠠᠪᠴᠢ᠂ ᠵᠢᠮᠢᠰ ᠵᠢᠮᠢᠰᠬᠡᠨ᠎ᠡ᠂ ᠣᠳᠣ ᠡᠷᠬᠡᠰ ᠢ ᠵᠢᠷᠤᠭᠰᠠᠨ ᠨᠢ ᠡᠯᠪᠡᠭ ᠳᠡᠯᠪᠡᠭ᠂ ᠡᠩᠬᠡ ᠲᠤᠩᠬ᠎ᠠ ᠣᠷᠣᠰᠢᠬᠤ ᠶᠢᠨ ᠪᠡᠯᠭᠡᠳᠡᠯ ᠪᠢᠯᠡ᠃

ᠰᠡᠳᠬᠢᠭᠳᠡᠯ ᠦᠯᠡᠳᠡᠭᠡᠬᠦ