《ᠬᠥᠬᠡ ᠳᠣᠮᠣᠭ》ᠬᠠᠮᠲᠤᠯᠢᠭ ᠹᠷᠠᠨᠼᠢ ᠳᠤ 《ᠳᠡᠯᠡᠬᠡᠢ ᠶᠢᠨ ᠰᠤᠶᠤᠯ》ᠨᠠᠭᠠᠳᠤᠮ ᠳᠤ ᠣᠷᠣᠯᠴᠠᠵᠠᠢ | News.MN

《ᠬᠥᠬᠡ ᠳᠣᠮᠣᠭ》ᠬᠠᠮᠲᠤᠯᠢᠭ ᠹᠷᠠᠨᠼᠢ ᠳᠤ 《ᠳᠡᠯᠡᠬᠡᠢ ᠶᠢᠨ ᠰᠤᠶᠤᠯ》ᠨᠠᠭᠠᠳᠤᠮ ᠳᠤ ᠣᠷᠣᠯᠴᠠᠵᠠᠢ

UNESCO ᠶᠢᠨ ᠲᠦᠩᠰᠢ ᠲᠥᠷᠥ ᠶᠢᠨ ᠪᠤᠰᠤ ᠪᠠᠶᠢᠭᠤᠯᠤᠯᠭ᠎ᠠ 《ᠳᠡᠯᠡᠬᠡᠢ ᠶᠢᠨ ᠰᠤᠶᠤᠯ》 ᠬᠣᠯᠪᠣᠭ᠎ᠠ︵Cultures du Monde᠂ Association Nationale︶ ᠡᠴᠡ ᠵᠣᠬᠢᠶᠠᠨ ᠪᠠᠶᠢᠭᠤᠯᠳᠠᠭ ᠳᠡᠯᠡᠬᠡᠢ ᠶᠢᠨ ᠰᠤᠶᠤᠯ᠂ ᠤᠷᠠᠯᠢᠭ ᠤᠨ 49 ᠳ᠋ᠡᠬᠢ  ᠨᠠᠭᠠᠳᠤᠮ ᠳᠤ ᠠᠩᠬ᠎ᠠ ᠤᠳᠠᠭ᠎ᠠ ᠮᠣᠩᠭᠣᠯ ᠤᠯᠤᠰ ᠢᠶᠠᠨ ᠲᠥᠯᠥᠭᠡᠯᠡᠨ ᠥᠪᠦᠷᠬᠠᠩᠭᠠᠢ ᠠᠶᠢᠮᠠᠭ ᠤᠨ ᠲᠢᠶᠠᠲ᠋ᠷ ᠤᠨ 《ᠬᠥᠬᠡ ᠳᠣᠮᠣᠭ》 ᠬᠠᠮᠲᠤᠯᠢᠭ ᠣᠷᠣᠯᠴᠠᠯ᠎ᠠ᠃
ᠠᠯᠯᠢᠶᠸᠷ ᠮᠤᠵᠢ ᠶᠢᠨ ᠭᠠᠨᠠ︵Ville de Gannat︶ ᠬᠤᠲᠠᠨ᠎ᠠ ᠳᠤᠯᠤᠳᠤᠭᠠᠷ ᠰᠠᠷ᠎ᠠ ᠶᠢᠨ 25-29  ᠳᠦ ᠪᠣᠯᠤᠭᠰᠠᠨ ᠨᠠᠭᠠᠳᠤᠮ ᠳᠤ ᠳᠡᠯᠡᠬᠡᠢ ᠶᠢᠨ ᠥᠨᠴᠥᠭ ᠪᠤᠯᠭᠠᠨ᠂ ᠲᠢᠪ ᠲᠢᠪ ᠡᠴᠡ ᠴᠤᠭᠯᠠᠷᠠᠭᠰᠠᠨ ᠬᠠᠮᠲᠤᠯᠢᠭ᠂ ᠭᠠᠷ ᠤᠷᠠᠴᠤᠳ᠂ ᠰᠤᠶᠤᠯ ᠰᠤᠳᠤᠯᠤᠭᠠᠴᠢᠳ ᠥᠪᠡᠷ ᠥᠪᠡᠷᠰᠡᠳ ᠦᠨ ᠦᠨᠳᠦᠰᠦᠨ ᠦ ᠣᠨᠴᠠᠯᠢᠭ ᠢ ᠢᠯᠡᠳᠬᠡᠨ ᠬᠠᠷᠠᠭᠤᠯᠤᠭᠰᠠᠨ ᠲᠣᠭᠯᠠᠯᠲᠠ᠂ ᠰᠤᠶᠤᠯ ᠤᠨ ᠳᠡᠭᠡᠵᠢ ᠡᠴᠡ ᠪᠡᠨ ᠲᠣᠯᠢᠯᠠᠭᠤᠯᠵᠤ ᠰᠤᠷᠲᠠᠯᠴᠢᠯᠠᠪᠠ᠃
《ᠬᠥᠬᠡ ᠳᠣᠮᠣᠭ》 ᠬᠠᠮᠲᠤᠯᠢᠭ ᠤᠨ ᠤᠷᠠᠨ ᠪᠦᠲᠦᠭᠡᠯᠴᠢᠳ ᠢ ᠠᠯᠯᠢᠶᠸᠷ ᠮᠤᠵᠢ ᠶᠢᠨ ᠤᠳᠤᠷᠢᠳᠤᠯᠭ᠎ᠠ ᠨᠠᠷ ᠬᠦᠯᠢᠶᠡᠨ ᠠᠪᠴᠤ ᠠᠭᠤᠯᠵᠠᠨ᠂ ᠵᠢᠯ ᠪᠦᠷᠢ ᠵᠣᠬᠢᠶᠠᠨ ᠪᠠᠶᠢᠭᠤᠯᠳᠠᠭ ᠤᠯᠠᠮᠵᠢᠯᠠᠯᠲᠤ ᠨᠠᠭᠠᠳᠤᠮ ᠳᠤ ᠣᠯᠠᠨ ᠵᠢᠯ ᠦᠨ ᠡᠮᠦᠨ᠎ᠡ ᠡᠴᠡ ᠬᠠᠮᠲᠤ ᠶᠢᠨ ᠠᠵᠢᠯᠯᠠᠭ᠎ᠠ ᠲᠠᠢ ᠶᠠᠪᠤᠵᠤ ᠢᠷᠡᠭᠰᠡᠨ ᠥᠪᠦᠷᠬᠠᠩᠭᠠᠢ ᠠᠶᠢᠮᠠᠭ ᠤᠨ ᠤᠷᠠᠨ ᠪᠦᠲᠦᠭᠡᠯᠴᠢᠳ ᠢᠷᠡᠵᠦ ᠣᠷᠣᠯᠴᠠᠨ᠂ UNESCO ᠳᠦ ᠪᠦᠷᠢᠳᠬᠡᠭᠦᠯᠦᠭᠰᠡᠨ ᠬᠣᠣᠰ ᠦᠭᠡᠢ ᠰᠤᠶᠤᠯ ᠤᠨ ᠥᠪ ᠢᠶᠡᠨ ᠲᠠᠨᠢᠯᠴᠠᠭᠤᠯᠤᠭᠰᠠᠨ ᠳᠤ ᠲᠠᠯᠠᠷᠬᠠᠯ ᠢᠶᠠᠨ ᠢᠯᠡᠷᠬᠡᠶᠢᠯᠡᠭᠰᠡᠨ ᠪᠠᠶᠢᠨ᠎ᠠ᠃
ᠤᠷᠠᠯᠢᠭ ᠤᠨ ᠲᠣᠭᠯᠠᠯᠲᠠ ᠶᠢᠨ ᠰᠠᠴᠠᠭᠤ ᠹᠷᠠᠨᠼᠢ ᠶᠢᠨ ᠰᠤᠳᠤᠯᠤᠭᠠᠴᠢ ᠺᠯᠧᠮᠧᠨᠲ᠋ᠢᠨ ᠯᠠᠪᠷᠦᠨ︵Clйmentine Labrune︶ᠲᠣᠷᠭᠠᠨ ᠤ ᠵᠠᠮ ᠤᠨ ᠲᠡᠦᠬᠡ ᠪᠣᠯᠤᠨ ᠡᠭᠦᠨ ᠳᠦ ᠶᠡᠬᠡ ᠡᠵᠡᠨ ᠴᠢᠩᠭᠢᠰ ᠬᠠᠭᠠᠨ ᠤ ᠣᠷᠣᠭᠤᠯᠤᠭᠰᠠᠨ ᠦᠨᠡᠲᠦ ᠬᠤᠪᠢ ᠨᠡᠮᠡᠷᠢ ᠣᠷᠣᠯᠴᠠᠭᠠᠨ ᠤ ᠲᠠᠯ᠎ᠠ ᠪᠠᠷ ᠯᠧᠺᠼᠢ ᠤᠩᠰᠢᠯ᠎ᠠ᠃

ᠰᠡᠳᠬᠢᠭᠳᠡᠯ ᠦᠯᠡᠳᠡᠭᠡᠬᠦ