ᠬᠦᠢ ᠳᠤᠯᠤᠭᠠᠨ ᠬᠤᠳᠳᠤᠭ ᠲᠤ ᠬᠣᠶᠠᠷ ᠡᠳᠦᠷ ᠦᠨ ᠲᠤᠷᠰᠢ ᠦᠷᠭᠦᠯᠵᠢᠯᠡᠭᠰᠡᠨ《ᠳᠠᠩᠱᠢᠭ ᠨᠠᠭᠠᠳᠤᠮ᠂ ᠬᠦᠷᠢᠶ᠎ᠡ ᠴᠠᠮ-2023》 ᠦᠨᠳᠦᠰᠦᠨ ᠦ ᠪᠥᠬᠡ ᠶᠢᠨ ᠪᠠᠷᠢᠯᠳᠤᠭᠠᠨ ᠳᠤ 256 ᠪᠥᠬᠡ ᠵᠣᠳᠣᠭᠯᠠᠵᠤ᠂ ᠠᠷᠤᠬᠠᠩᠭᠠᠢ ᠠᠶᠢᠮᠠᠭ ᠤᠨ ᠪᠠᠲᠤᠴᠡᠩᠭᠡᠯ ᠰᠤᠮᠤ ᠶᠢᠨ ᠬᠠᠷᠢᠶᠠᠲᠤ᠂ ᠤᠯᠤᠰ ᠤᠨ ᠦᠨᠡᠨ ᠵᠣᠷᠢᠭᠲᠤ ᠬᠠᠷᠴᠠᠭᠠᠢ ᠪ ∙ ᠵᠣᠷᠢᠭᠲᠤᠪᠠᠭᠠᠲᠤᠷ ᠲᠦᠷᠦᠭᠦᠯᠡᠯ᠎ᠡ᠃
ᠦᠪᠦᠷ ᠮᠤᠩᠭᠤᠯ ᠪᠥᠬᠡ ᠶᠢᠨ ᠪᠠᠷᠢᠯᠳᠤᠭᠠᠨ ᠳᠤ 64 ᠪᠥᠬᠡ ᠵᠣᠳᠣᠭᠯᠠᠵᠤ᠂ ᠳᠤᠮᠳᠠᠭᠤᠪᠢ ᠠᠶᠢᠮᠠᠭ ᠤᠨ ᠡᠷᠳᠡᠨᠢᠳᠠᠯᠠᠢ ᠰᠤᠮᠤ ᠶᠢᠨ ᠬᠠᠷᠢᠶᠠᠲᠤ᠂ ᠤᠯᠤᠰ ᠤᠨ ᠥᠰᠬᠦ ᠢᠳᠡᠷ ᠨᠠᠴᠢᠨ ᠡ᠊ ∙ ᠳᠠᠰᠢ ᠲᠦᠷᠦᠭᠦᠯᠡᠵᠦ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠪᠥᠬᠡ ᠪᠠᠲᠤᠵᠢᠷᠭᠠᠯ ᠳᠡᠭᠡᠷ᠎ᠡ ᠳᠦᠷᠪᠡ ᠳᠦ ᠰᠢᠯᠭᠠᠷᠠᠪᠠ᠃ ᠪᠤᠷᠢᠶᠠᠳ ᠪᠥᠬᠡ ᠶᠢᠨ ᠪᠠᠷᠢᠯᠳᠤᠭᠠᠨ ᠳᠤ 64 ᠪᠥᠬᠡ ᠬᠦᠴᠦ ᠦᠵᠡᠭᠰᠡᠨ ᠡᠴᠡ ᠥᠪᠦᠷᠬᠠᠩᠭᠠᠢ ᠠᠶᠢᠮᠠᠭ ᠤᠨ ᠵᠡᠭᠦᠨᠪᠠᠶᠠᠨ-ᠤᠯᠠᠭᠠᠨ ᠰᠤᠮᠤ ᠶᠢᠨ ᠬᠠᠷᠢᠶᠠᠲᠤ᠂ ᠠᠶᠢᠮᠠᠭ ᠤᠨ ᠬᠠᠷᠴᠠᠭᠠᠢ ᠪ ∙ᠥᠯᠵᠡᠶᠢᠰᠠᠶᠢᠬᠠᠨ ᠲᠦᠷᠦᠭᠦᠯᠡᠵᠡᠢ᠃