ᠠᠭᠤᠯᠠᠨ ᠳᠤ ᠭᠠᠷᠴᠤ ᠤᠲᠠᠰᠤ ᠪᠠᠷ ᠶᠠᠷᠢᠬᠤ ᠭᠡᠵᠦ  ᠪᠠᠢᠭᠠᠳ ᠠᠶᠤᠩᠭ᠎ᠠ ᠳᠤ ᠴᠣᠬᠢᠭᠤᠯᠵᠠᠢ | News.MN

ᠠᠭᠤᠯᠠᠨ ᠳᠤ ᠭᠠᠷᠴᠤ ᠤᠲᠠᠰᠤ ᠪᠠᠷ ᠶᠠᠷᠢᠬᠤ ᠭᠡᠵᠦ  ᠪᠠᠢᠭᠠᠳ ᠠᠶᠤᠩᠭ᠎ᠠ ᠳᠤ ᠴᠣᠬᠢᠭᠤᠯᠵᠠᠢ

ᠠᠷᠤᠬᠠᠩᠭᠠᠢ ᠠᠶᠢᠮᠠᠭ ᠤᠨ ᠴᠡᠩᠬᠡᠷ ᠰᠤᠮᠤ ᠶᠢᠨ ᠣᠷᠬᠣᠨ ᠪᠠᠭ ᠤᠨ ᠨᠤᠲᠤᠭ᠂ ᠠᠶᠢᠮᠠᠭ ᠤᠨ ᠲᠥᠪ ᠡᠴᠡ ᠤᠷᠳᠤ ᠵᠦᠭ ᠲᠦ 105 ᠺᠢᠯᠣᠮᠧᠲ᠋ᠷ  ᠲᠤ᠂ ᠰᠤᠮᠤ ᠶᠢᠨ ᠲᠥᠪ ᠡᠴᠡ ᠪᠠᠷᠠᠭᠤᠨ ᠵᠦᠭ ᠲᠦ 80 ᠺᠢᠯᠣᠮᠧᠲ᠋ᠷ  ᠲᠤ ᠣᠷᠣᠰᠢᠨ ᠲᠡᠭᠡᠯ ᠬᠡᠮᠡᠬᠦ ᠭᠠᠵᠠᠷ ᠲᠤ ᠨᠠᠢ᠌ᠮᠠᠳᠤᠭᠠᠷ ᠰᠠᠷ᠎ᠠ ᠶᠢᠨ 5  ᠤ 20᠄40 ᠴᠠᠭ ᠤᠨ ᠣᠷᠴᠢᠮ ᠳᠥᠷᠪᠡᠨ ᠬᠦᠮᠦᠨ ᠠᠭᠤᠯᠠᠨ ᠳᠡᠭᠡᠷ᠎ᠡ ᠭᠠᠷᠴᠤ ᠤᠲᠠᠰᠤ ᠪᠠᠷ ᠶᠠᠷᠢᠬᠤ ᠭᠡᠵᠦ ᠶᠠᠪᠤᠭᠠᠳ ᠬᠣᠶᠠᠷ ᠨᠢ ᠠᠶᠤᠩᠭ᠎ᠠ  ᠳᠤ ᠴᠣᠬᠢᠭᠤᠯᠵᠤ ᠨᠠᠰᠤ ᠪᠠᠷᠠᠵᠠᠢ᠃
6  ᠤ ᠡᠳᠦᠷ ᠦᠨ 11᠄20 ᠴᠠᠭ ᠲᠤ 35 ᠨᠠᠰᠤᠲᠠᠢ ᠡᠷᠡᠭᠲᠡᠢ ︽ᠪ︾᠂ 36 ᠨᠠᠰᠤᠲᠠᠢ ᠡᠷᠡᠭᠲᠡᠢ ︽ᠴ︾ ᠠᠶᠤᠩᠭ᠎ᠠ  ᠳᠤ ᠴᠣᠬᠢᠭᠤᠯᠵᠤ ᠨᠠᠰᠤ ᠪᠠᠷᠠᠭᠰᠠᠨ ᠲᠤᠬᠠᠢ ᠮᠡᠳᠡᠭᠡᠯᠡᠯ ᠢ ᠠᠶᠢᠮᠠᠭ ᠤᠨ ᠣᠨᠴᠠᠭᠠᠢ ᠪᠠᠶᠢᠳᠠᠯ ᠤᠨ ᠭᠠᠵᠠᠷ ᠲᠤ ᠮᠡᠳᠡᠭᠡᠯᠡᠵᠡᠢ᠃

ᠰᠡᠳᠬᠢᠭᠳᠡᠯ ᠦᠯᠡᠳᠡᠭᠡᠬᠦ