ᠳ᠋ᠤᠪᠠᠢ ᠬᠤᠲᠠ ᠳᠤ ᠮᠣᠩᠭᠣᠯ ᠬᠣᠨᠢᠨ ᠤ ᠮᠢᠬ᠎ᠠ ᠶᠢ ᠬᠤᠳᠠᠯᠳᠤᠵᠤ ᠡᠬᠢᠯᠡᠵᠡᠢ | News.MN

 ᠳ᠋ᠤᠪᠠᠢ ᠬᠤᠲᠠ ᠳᠤ ᠮᠣᠩᠭᠣᠯ ᠬᠣᠨᠢᠨ ᠤ ᠮᠢᠬ᠎ᠠ ᠶᠢ ᠬᠤᠳᠠᠯᠳᠤᠵᠤ ᠡᠬᠢᠯᠡᠵᠡᠢ

ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠳ᠋ᠤᠪᠠᠢ ᠬᠣᠲᠠ ᠶᠢᠨ ᠬᠠᠮᠤᠭ ᠤᠨ ᠲᠣᠮᠣ ᠬᠦᠨᠡᠰᠦᠨ ᠦ ᠬᠤᠳᠠᠯᠳᠤᠭᠠᠨ ᠤ ᠲᠥᠪ ᠲᠦ ᠮᠣᠩᠭᠣᠯ ᠬᠣᠨᠢᠨ ᠤ ᠮᠢᠬ᠎ᠠ ᠶᠢ ᠬᠤᠳᠠᠯᠳᠤᠵᠤ ᠡᠬᠢᠯᠡᠵᠡᠢ᠃ ᠲᠣᠳᠣᠷᠠᠭᠤᠯᠪᠠᠯ᠂ ᠮᠣᠩᠭᠣᠯ ᠤᠯᠤᠰ ᠤᠨ ᠵᠠᠰᠠᠭ ᠤᠨ ᠭᠠᠵᠠᠷ ᠤᠨ ᠦᠢᠯᠡ ᠠᠵᠢᠯᠯᠠᠭᠠᠨ ᠤ ᠬᠥᠲᠥᠯᠪᠦᠷᠢ ᠳᠦ 《ᠮᠢᠬᠠᠨ ᠤ ᠡᠺᠰᠫᠣᠷᠲ ᠢ ᠨᠡᠮᠡᠭᠳᠡᠭᠦᠯᠦᠨ᠎ᠡ》 ᠬᠡᠮᠡᠨ ᠲᠤᠰᠬᠠᠭᠰᠠᠨ ᠵᠣᠷᠢᠯᠲᠠ ᠶᠢ ᠬᠡᠷᠡᠭᠵᠢᠭᠦᠯᠬᠦ ᠪᠠᠷ ᠮᠣᠩᠭᠣᠯ ᠤᠯᠤᠰ ᠲᠤ ᠾᠠᠯᠠᠯ ᠠᠷᠭ᠎ᠠ ᠪᠠᠷ ᠪᠡᠯᠡᠳᠬᠡᠭᠰᠡᠨ ᠮᠢᠬ᠎ᠠ ᠶᠢ ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠵᠠᠬ᠎ᠠ ᠵᠡᠭᠡᠯᠢ ᠳᠦ ᠠᠯᠪᠠᠨ ᠶᠣᠰᠣᠭᠠᠷ 2023 ᠣᠨ ᠤ ᠳᠦᠷᠪᠡᠳᠦᠭᠡᠷ ᠰᠠᠷ᠎ᠠ ᠠᠴᠠ ᠨᠡᠶᠢᠯᠡᠭᠦᠯᠵᠦ ᠡᠬᠢᠯᠡᠭᠰᠡᠨ᠃

ᠮᠣᠩᠭᠣᠯ ᠬᠣᠨᠢᠨ ᠤ ᠮᠢᠬ᠎ᠠ ᠶᠢ ᠡᠮᠢᠷᠠᠲ ᠤᠨ ᠬᠡᠷᠡᠭᠯᠡᠭᠴᠢᠳ ᠲᠦ ᠢᠯᠡᠭᠦᠦ ᠣᠶᠢᠷᠠᠲᠤᠭᠤᠯᠤᠨ ᠬᠦᠷᠭᠡᠬᠦ ᠵᠣᠷᠢᠯᠭ᠎ᠠ ᠪᠠᠷ ᠳ᠋ᠤᠪᠠᠢ ᠬᠣᠲᠠ ᠶᠢᠨ ᠬᠦᠨᠡᠰᠦᠨ ᠦ ᠬᠤᠳᠠᠯᠳᠤᠭᠠᠨ ᠤ ᠬᠠᠮᠤᠭ ᠤᠨ ᠲᠣᠮᠣ ᠲᠦᠪ ᠲᠦ ᠮᠣᠩᠭᠣᠯ ᠬᠣᠨᠢᠨ ᠤ ᠮᠢᠬᠠᠨ ᠤ ᠳᠡᠯᠭᠡᠭᠦᠷ ᠢ ᠨᠠᠢ᠌ᠮᠠᠳᠤᠭᠠᠷ ᠰᠠᠷ᠎ᠠ ᠠᠴᠠ ᠡᠬᠢᠯᠡᠨ ᠨᠡᠭᠡᠭᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ