《 ᠵᠠᠩᠭᠠᠷ》ᠹᠧᠰᠲ᠋ᠢᠸᠠᠯ  ᠡᠨᠡ ᠰᠠᠷ᠎ᠠ ᠶᠢᠨ 5- 7  ᠳᠦ  ᠭᠤᠪᠢ ᠠᠯᠲᠠᠢ ᠳᠤ ᠪᠣᠯᠤᠨ᠎ᠠ | News.MN

《 ᠵᠠᠩᠭᠠᠷ》ᠹᠧᠰᠲ᠋ᠢᠸᠠᠯ  ᠡᠨᠡ ᠰᠠᠷ᠎ᠠ ᠶᠢᠨ 5- 7  ᠳᠦ  ᠭᠤᠪᠢ ᠠᠯᠲᠠᠢ ᠳᠤ ᠪᠣᠯᠤᠨ᠎ᠠ

ᠮᠣᠩᠭᠣᠯ ᠲᠤᠭᠤᠷᠭᠠᠲᠠᠨ ᠵᠠᠯᠠᠭᠤᠰ ᠢ ᠨᠢᠭᠡᠨ ᠳᠤᠤᠷ᠎ᠠ ᠴᠤᠭᠯᠠᠷᠠᠭᠤᠯᠵᠤ᠂ ᠥᠪ᠂ ᠤᠯᠠᠮᠵᠢᠯᠠᠯ᠂ ᠬᠥᠭᠵᠢᠮ᠂ ᠬᠤᠪᠴᠠᠰᠤ ᠵᠠᠭᠪᠤᠷ ᠵᠡᠷᠭᠡ ᠪᠡᠷ ᠳᠠᠮᠵᠢᠭᠤᠯᠤᠨ ᠰᠤᠶᠤᠯ ᠢ ᠲᠦᠭᠡᠭᠡᠨ ᠲᠠᠨᠢᠭᠤᠯᠬᠤ ᠵᠣᠷᠢᠯᠭ᠎ᠠ ᠲᠠᠢ 《ᠵᠢᠩᠭᠠᠷ》 ᠹᠧᠰᠲ᠋ᠢᠸᠠᠯ  ᠡᠨᠡ ᠰᠠᠷ᠎ᠠ ᠶᠢᠨ 5- 7  ᠳᠦ ᠭᠣᠪᠢ-ᠠᠯᠲᠠᠢ ᠠᠶᠢᠮᠠᠭ ᠤᠨ ᠬᠥᠬᠡᠮᠣᠷᠢᠳᠤ ᠰᠤᠮᠤ ᠶᠢᠨ ᠨᠤᠲᠤᠭ᠂ ᠪᠠᠢᠭᠠᠯᠢ ᠶᠢᠨ ᠦᠵᠡᠰᠬᠦᠯᠡᠩᠲᠦ ᠳᠦᠷᠭᠦᠨ ᠨᠠᠭᠤᠷ ᠤᠨ ᠡᠷᠭᠢ ᠳᠡᠭᠡᠷ᠎ᠡ ᠵᠣᠬᠢᠶᠠᠨ ᠪᠠᠶᠢᠭᠤᠯᠤᠭᠳᠠᠬᠤ ᠭᠡᠵᠦ ᠪᠠᠶᠢᠨ᠎ᠠ᠃
ᠮᠣᠩᠭᠣᠯ ᠤᠯᠤᠰ ᠤᠨ 21 ᠠᠶᠢᠮᠠᠭ᠂ ᠨᠡᠶᠢᠰᠯᠡᠯ ᠬᠣᠲᠠ ᠠᠴᠠ ᠲᠡᠳᠦᠢ ᠦᠭᠡᠢ ᠣᠷᠣᠰ  ᠤᠨ ᠪᠤᠷᠢᠶᠠᠳ᠂  ᠦᠪᠦᠷ ᠮᠤᠩᠭᠤᠯ ᠠᠴᠠ ᠦᠶ᠎ᠡ ᠲᠡᠩ ᠦᠨ ᠵᠠᠯᠠᠭᠤᠰ ᠡᠭᠦᠨ ᠳᠦ ᠢᠷᠡᠵᠦ ᠤᠷᠤᠯᠴᠠᠬᠤ ᠶᠤᠮ᠃ ᠮᠣᠩᠭᠣᠯ ᠲᠤᠭᠤᠷᠭᠠᠲᠠᠨ ᠵᠠᠯᠠᠭᠤᠰ ᠲᠤ ᠬᠣᠭᠣᠷᠣᠨᠳᠣ ᠪᠠᠨ ᠲᠠᠨᠢᠯᠴᠠᠵᠤ  ᠳᠤᠲᠤᠨᠤᠰᠬᠤ᠂ ᠨᠠᠶᠢᠵᠠᠯᠠᠵᠤ ᠨᠥᠬᠥᠷᠯᠡᠬᠦ᠂ ᠴᠢᠨᠠᠭᠰᠢᠯᠠᠭᠠᠳ ᠤᠷᠲᠤ ᠬᠤᠭᠤᠴᠠᠭᠠᠨ ᠤ ᠬᠠᠮᠲᠤ ᠶᠢᠨ ᠠᠵᠢᠯᠯᠠᠭ᠎ᠠ᠂  ᠪᠢᠽᠢᠨᠧᠰ᠂ ᠡᠳ᠋  ᠦᠨ ᠵᠠᠰᠠᠭ ᠤᠨ ᠬᠠᠷᠢᠯᠴᠠᠭᠠᠨ ᠤ ᠰᠠᠭᠤᠷᠢ ᠶᠢ ᠡᠭᠦᠰᠭᠡᠬᠦ ᠪᠣᠯᠤᠮᠵᠢ ᠶᠢ ᠣᠯᠭᠣᠬᠤ《ᠵᠢᠩᠭᠠᠷ》 ᠹᠧᠰᠲ᠋ᠢᠸᠠᠯ ᠨᠢ ᠠᠰᠢᠭ ᠤᠨ ᠲᠥᠯᠥᠭᠡ ᠪᠤᠰᠤ ᠤᠴᠢᠷ ᠡᠨᠡ ᠵᠤᠨ ᠤ ᠬᠠᠮᠤᠭ ᠤᠨ ᠬᠢᠮᠳᠠ ᠠᠷᠭ᠎ᠠ ᠬᠡᠮᠵᠢᠶ᠎ᠡ ᠪᠣᠯᠵᠤ ᠪᠠᠶᠢᠨ᠎ᠠ᠃ ᠠᠳᠠᠯ ᠶᠠᠪᠤᠳᠠᠯ ᠳᠤ ᠳᠤᠷᠠᠲᠠᠢ᠂ ᠠᠭᠠᠷ ᠰᠠᠯᠬᠢ᠂ ᠠᠮᠢᠳᠤ ᠪᠠᠶᠢᠭᠠᠯᠢ ᠳᠤ ᠬᠠᠶᠢᠷᠠᠲᠠᠢ ᠵᠠᠯᠠᠭᠤᠰ ᠲᠠ ᠪᠦᠬᠦᠨ 《ᠵᠢᠩᠭᠠᠷ》 ᠹᠧᠰᠲ᠋ᠢᠸᠠᠯ ᠤᠨ ᠭᠤᠷᠪᠠᠨ ᠡᠳᠦᠷ ᠦᠨ ᠠᠷᠭ᠎ᠠ ᠬᠡᠮᠵᠢᠶᠡᠨ ᠳᠦ ᠶᠡᠷᠦ ᠳᠡᠭᠡᠨ ᠯᠠ 50 ᠮᠢᠩᠭᠠᠨ ᠲᠥᠭᠥᠷᠢᠭ ᠢᠶᠡᠷ ᠤᠷᠤᠯᠴᠠᠬᠤ ᠪᠣᠯᠤᠮᠵᠢ ᠲᠠᠢ᠃

ᠰᠡᠳᠬᠢᠭᠳᠡᠯ ᠦᠯᠡᠳᠡᠭᠡᠬᠦ