ᠫᠷᠣᠺᠤᠶᠢᠷᠣᠷ ᠠᠴᠠ ᠢᠷᠭᠡᠨ ︽ᠣ︾ ᠶᠢ ᠠᠯᠳᠠᠭ᠎ᠠ ᠲᠠᠢ ᠭᠦᠢᠯᠭᠡᠭᠡ ᠪᠣᠯᠬᠤ ᠶᠢ ᠮᠡᠳᠡᠭᠰᠡᠭᠡᠷ ᠪᠠᠶᠢᠵᠤ ᠪᠤᠰᠤᠳ ᠤᠨ ᠮᠥᠩᠭᠥ ᠶᠢ ᠵᠠᠪᠰᠢᠭᠰᠠᠨ ᠭᠡᠬᠦ ᠭᠡᠮᠲᠦ ᠬᠡᠷᠡᠭ ᠲᠦ ᠬᠣᠯᠪᠣᠭᠳᠠᠭᠤᠯᠤᠨ ᠶᠠᠯᠠᠯᠠᠬᠤ ᠳ᠋ᠦᠩᠨᠡᠯᠲᠡ ᠦᠢᠯᠡᠳᠴᠦ ᠭᠡᠮ ᠪᠤᠷᠤᠭᠤ ᠲᠠᠢ ᠡᠰᠡᠬᠦ ᠶᠢ ᠰᠢᠢᠳᠪᠦᠷᠢᠯᠡᠭᠦᠯᠬᠦ ᠪᠡᠷ ᠬᠡᠷᠡᠭ ᠢ ᠰᠢᠭᠦᠬᠦ ᠳᠦ ᠰᠢᠯᠵᠢᠭᠦᠯᠵᠡᠢ᠃
ᠢᠷᠭᠡᠨ ︽ᠣ︾ ᠨᠢ ᠪᠠᠩᠬᠢᠨ ᠤ ᠳᠠᠩᠰᠠ ᠠᠨᠳᠠᠭᠤᠷᠠᠭᠰᠠᠨ ᠲᠥᠯᠥᠪᠦᠷᠢ ᠲᠣᠭᠠᠴᠠᠭᠠᠨ ᠤ ᠠᠯᠳᠠᠭ᠎ᠠ ᠲᠠᠢ ᠭᠦᠢᠯᠭᠡᠭᠡ ᠪᠡᠷ ᠰᠢᠯᠵᠢᠭᠰᠡᠨ ᠪᠤᠰᠤᠳ ᠤᠨ ᠮᠥᠩᠭᠥ ᠶᠢ ᠵᠠᠬᠢᠷᠤᠨ ᠵᠠᠷᠤᠴᠠᠭᠤᠯᠵᠤ᠂ 5.2 ᠰᠠᠶ᠎ᠠ ᠲᠥᠭᠥᠷᠢᠭ ᠦᠨ ᠬᠣᠬᠢᠷᠠᠯ ᠢ ᠪᠤᠰᠤᠳ ᠲᠤ ᠤᠴᠠᠷᠠᠭᠤᠯᠤᠭᠰᠠᠨ ᠪᠠᠶᠢᠨ᠎ᠠ᠃
︽ᠡᠷᠡᠭᠦᠦ ᠶᠢᠨ ᠬᠠᠤᠯᠢ︾ ᠳᠤ ᠲᠥᠯᠥᠪᠦᠷᠢ ᠲᠣᠭᠠᠴᠠᠭᠠᠨ ᠤ ᠠᠯᠳᠠᠭ᠎ᠠ ᠲᠠᠢ ᠭᠦᠢᠯᠭᠡᠭᠡ ᠬᠢᠭᠳᠡᠭᠰᠡᠨ ᠢ ᠮᠡᠳᠡᠭᠰᠡᠭᠡᠷ ᠪᠠᠶᠢᠵᠤ ᠵᠠᠪᠰᠢᠵᠤ 300000 ᠲᠥᠭᠥᠷᠢᠭ ᠡᠴᠡ ᠳᠡᠭᠡᠭᠰᠢ ᠬᠣᠬᠢᠷᠠᠯ ᠤᠴᠠᠷᠠᠭᠤᠯᠤᠭᠰᠠᠨ ᠪᠣᠯ ᠭᠡᠮᠲᠦ ᠬᠡᠷᠡᠭ ᠲᠦ ᠲᠣᠭᠠᠴᠠᠵᠤ ᠡᠷᠡᠭᠦᠦ ᠶᠢᠨ ᠬᠠᠷᠢᠭᠤᠴᠠᠯᠭ᠎ᠠ ᠬᠦᠯᠢᠶᠡᠯᠭᠡᠬᠦ ᠪᠡᠷ ᠵᠢᠭᠠᠭᠰᠠᠨ ᠪᠠᠢᠳᠠᠭ᠃