ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭ᠎ᠠ ᠶᠢᠨ ᠶᠣᠰᠣ ᠵᠦᠢ᠂ ᠰᠠᠬᠢᠯᠭ᠎ᠠ ᠬᠠᠷᠢᠭᠤᠴᠠᠯᠭ᠎ᠠ ᠶᠢᠨ ᠵᠥᠪᠯᠡᠯ ᠦᠨ ᠬᠤᠷᠠᠯ ᠥᠴᠥᠭᠡᠳᠦᠷ ᠪᠤᠯᠵᠤ᠂ 《ᠦᠨᠳᠦᠰᠦᠨ ᠦ ᠪᠥᠬᠡ ᠶᠢᠨ ᠪᠠᠷᠢᠯᠳᠤᠭᠠᠨ ᠤ ᠳᠦᠷᠢᠮ》 ᠂ 《ᠶᠣᠰᠣ ᠵᠦᠢ ᠶᠢᠨ ᠳᠦᠷᠢᠮ》 ᠢ ᠲᠤᠰ ᠲᠤᠰ ᠦᠨᠳᠦᠰᠦᠯᠡᠨ᠄
ᠥᠪᠦᠷᠬᠠᠩᠭᠠᠢ ᠠᠶᠢᠮᠠᠭ ᠤᠨ ᠬᠠᠷᠠᠬᠣᠷᠢᠨ ᠰᠤᠮᠤ ᠶᠢᠨ ᠬᠠᠷᠢᠶᠠᠲᠤ᠂ ᠠᠶᠢᠮᠠᠭ ᠤᠨ ᠨᠠᠴᠢᠨ ᠮ ∙ ᠪᠠᠯᠵᠢᠨᠨᠢᠮ᠎ᠠ ᠨᠢ 7 ᠰᠠᠷ᠎ᠠ ᠶᠢᠨ 10 ᠤ ᠡᠳᠦᠷ ᠥᠪᠦᠷᠬᠠᠩᠭᠠᠢ ᠠᠶᠢᠮᠠᠭ ᠤᠨ ᠬᠠᠷᠠᠬᠣᠷᠢᠨ ᠰᠤᠮᠤ ᠶᠢᠨ ᠪᠠᠶᠠᠷ ᠨᠠᠭᠠᠳᠤᠮ ᠳᠤ ᠪᠠᠷᠢᠯᠳᠤᠬᠤ ᠳᠤ ᠪᠠᠨ ᠭᠠᠷᠭᠠᠭᠰᠠᠨ ᠦᠢᠯᠡᠳᠦᠯ ᠢ ᠮᠣᠩᠭᠣᠯ ᠪᠥᠬᠡ ᠶᠢᠨ ᠶᠣᠰᠣ ᠵᠤᠳᠠᠭ ᠲᠤ ᠬᠠᠷᠰᠢ᠂ ᠦᠵᠡᠭᠴᠢ ᠣᠯᠠᠨ ᠲᠦᠮᠡᠨ᠂ ᠥᠷᠢᠰᠦᠯᠳᠦᠭᠴᠢ ᠪᠥᠬᠡ ᠪᠡᠨ ᠦᠯᠦ ᠬᠦᠨᠳᠦᠳᠬᠡᠭᠰᠡᠨ ᠪᠣᠯᠬᠤ ᠶᠢ ᠲᠡᠮᠳᠡᠭᠯᠡᠵᠦ᠂《ᠦᠨᠳᠦᠰᠦᠨ ᠦ ᠪᠥᠬᠡ ᠶᠢᠨ ᠪᠠᠷᠢᠯᠳᠤᠭᠠᠨ ᠤ ᠳᠦᠷᠢᠮ》 ᠦᠨ 4.3.1 ᠳᠦ ᠵᠢᠭᠠᠭᠰᠠᠨ ᠤ ᠳᠠᠭᠠᠤ ᠲᠣᠭᠲᠠᠭᠠᠯ ᠭᠠᠷᠤᠭᠰᠠᠨ ᠡᠳᠦᠷ ᠡᠴᠡ ᠬᠣᠶᠢᠰᠢ 3 ᠵᠢᠯ ᠦᠨ ᠬᠤᠭᠤᠴᠠᠭᠠᠨ ᠳᠤ ᠪᠦᠬᠦ ᠱᠠᠲᠤᠨ ᠤ ᠪᠠᠷᠢᠯᠳᠤᠭᠠᠨ ᠳᠤ ᠪᠠᠷᠢᠯᠳᠤᠬᠤ ᠶᠢ ᠬᠤᠷᠢᠭᠯᠠᠪᠠ᠃