ᠰᠡᠳᠬᠦᠯᠴᠢ᠂ ᠢᠷᠠᠭᠤ ᠨᠠᠶᠢᠷᠠᠭᠴᠢ ᠰ ∙ ᠪᠠᠷᠠᠭᠠᠨᠠᠰᠤᠨ ᠳᠤ 《ᠰᠤᠶᠤᠯ ᠤᠨ ᠭᠠᠪᠢᠶᠠᠲᠤ ᠵᠢᠳᠬᠦᠯᠲᠡᠨ》 ᠴᠣᠯᠠ ᠬᠦᠷᠲᠡᠭᠡᠪᠡ | News.MN

ᠰᠡᠳᠬᠦᠯᠴᠢ᠂ ᠢᠷᠠᠭᠤ ᠨᠠᠶᠢᠷᠠᠭᠴᠢ ᠰ ∙ ᠪᠠᠷᠠᠭᠠᠨᠠᠰᠤᠨ ᠳᠤ 《ᠰᠤᠶᠤᠯ ᠤᠨ ᠭᠠᠪᠢᠶᠠᠲᠤ ᠵᠢᠳᠬᠦᠯᠲᠡᠨ》 ᠴᠣᠯᠠ ᠬᠦᠷᠲᠡᠭᠡᠪᠡ

ᠠᠷᠤᠬᠠᠩᠭᠠᠢ ᠠᠶᠢᠮᠠᠭ ᠤᠨ ᠲᠡᠦᠬᠡᠲᠦ 100 ᠵᠢᠯ ᠦᠨ ᠣᠢ  ᠪᠠᠷ ᠢᠷᠠᠭᠤ ᠨᠠᠶᠢᠷᠠᠭᠴᠢ ᠰ ∙ ᠪᠠᠷᠠᠭᠠᠨᠠᠰᠤᠨ  ᠢ ᠮᠣᠩᠭᠣᠯ ᠤᠯᠤᠰ ᠤᠨ 《ᠰᠤᠶᠤᠯ ᠤᠨ ᠭᠠᠪᠢᠶᠠᠲᠤ ᠵᠢᠳᠬᠦᠯᠲᠡᠨ》 ᠴᠣᠯᠠ ᠲᠡᠮᠳᠡᠭ ᠢᠶᠡᠷ ᠱᠠᠩᠨᠠᠯ᠎ᠠ᠃ ᠲᠡᠷᠡᠪᠡᠷ᠂ ᠮᠣᠩᠭᠣᠯ ᠤᠨ ᠷᠠᠳᠢᠣ᠋  ᠶᠢᠨ ᠣᠷᠣᠨ ᠨᠤᠲᠤᠭ ᠳᠠᠬᠢ ᠰᠡᠳᠬᠦᠯᠴᠢ᠂ ᠠᠷᠤᠬᠠᠩᠭᠠᠢ ᠠᠶᠢᠮᠠᠭ ᠤᠨ 《ᠲᠣᠯᠢ》 ᠰᠣᠨᠢᠨ ᠤ ᠰᠡᠳᠬᠦᠯᠴᠢ ᠪᠡᠷ ᠠᠵᠢᠯᠯᠠᠵᠤ ᠪᠠᠶᠢᠭ᠎ᠠ ᠶᠤᠮ᠃
ᠠᠷᠤᠬᠠᠩᠭᠠᠢ ᠠᠶᠢᠮᠠᠭ ᠤᠨ ᠤᠳᠬ᠎ᠠ ᠵᠣᠬᠢᠶᠠᠯ ᠤᠨ 《ᠬᠠᠨ ᠲᠡᠮᠦᠷ》 ᠲᠥᠪ ᠦᠨ ᠭᠡᠰᠢᠭᠦᠨ ᠲᠡᠷᠡᠪᠡᠷ ᠬᠡᠦᠬᠡᠳ ᠦᠨ ᠵᠣᠬᠢᠶᠠᠯ ᠤᠨ 《 ᠱᠦᠭ᠂  ᠱᠠᠭ᠂ ᠱᠦᠵᠢᠭ᠂ ᠱᠠᠵᠢᠭ》 ᠨᠣᠮ ᠢᠶᠠᠷ ᠢᠶᠠᠨ ᠤᠷᠠᠨ ᠪᠦᠲᠦᠭᠡᠯ ᠦᠨ ᠭᠠᠷᠤᠭ᠎ᠠ ᠪᠠᠨ ᠡᠬᠢᠯᠡᠭᠦᠯᠦᠭᠰᠡᠨ ᠲᠡᠦᠬᠡ ᠲᠡᠢ᠃ ᠲᠡᠷᠡᠪᠡᠷ 《 ᠬᠡᠷᠦᠯᠦᠨ ᠲᠡᠨᠢᠭᠦᠨ》᠂ 《 ᠲᠤᠩᠰᠠᠭ ᠠᠶᠠᠯᠭᠤ》᠂ 《 ᠭᠦᠩᠵᠦ ᠶᠢᠨ ᠪᠡᠯᠡᠭ》᠂ 《ᠨᠠᠮᠤᠷ ᠤᠨ ᠲᠩᠷᠢ》᠂ 《ᠰᠠᠷᠠᠨ ᠬᠡᠭᠡᠷᠡᠯᠡᠬᠦ ᠳᠣᠷᠣᠨ᠎ᠠ》 ᠵᠡᠷᠭᠡ ᠢᠷᠠᠭᠤ ᠨᠠᠶᠢᠷᠠᠭ᠂ ᠦᠷᠭᠦᠯᠵᠢᠯᠡᠭᠰᠡᠨ ᠦᠭᠡ ᠶᠢᠨ ᠵᠣᠬᠢᠶᠠᠯ ᠤᠳ᠂ ᠠᠯᠳᠠᠷᠲᠤ 《ᠬᠠᠷᠠᠳᠠᠯ ᠪᠡᠶᠢᠰᠡ ᠶᠢᠨ ᠤᠨᠠᠭ᠎ᠠ》᠂ 《ᠬᠦᠦ ᠴᠢᠨᠢ ᠵᠡᠭᠦᠳᠦᠨ ᠳᠦ ᠪᠡᠨ》᠂ 《ᠪᠠᠯᠵᠢ ᠶᠢᠨ ᠭᠣᠣᠯ》᠂ 《ᠣᠨᠣᠨ ᠤ ᠰᠢᠭᠤᠢ》 ᠵᠡᠷᠭᠡ ᠳᠠᠭᠤᠤ ᠶᠢᠨ ᠤᠷᠠᠨ ᠪᠦᠲᠦᠭᠡᠯ᠂ ᠮᠥᠨ ᠪᠠᠷᠢᠮᠲᠠᠲᠤ ᠤᠷᠠᠨ ᠰᠠᠶᠢᠬᠠᠨ ᠤ ᠺᠢᠨᠣ᠋᠂ ᠨᠡᠶᠢᠲᠡᠯᠡᠯ᠂ ᠤᠷᠠᠯᠠᠯ ᠤᠷᠠᠨ ᠵᠣᠬᠢᠶᠠᠯ ᠰᠤᠳᠤᠯᠤᠯ ᠤᠨ ᠪᠦᠲᠦᠭᠡᠯ ᠦᠳ ᠢ ᠲᠤᠭᠤᠷᠪᠢᠵᠠᠢ᠃

ᠰᠡᠳᠬᠢᠭᠳᠡᠯ ᠦᠯᠡᠳᠡᠭᠡᠬᠦ