《 ᠨᠤᠶᠠᠨ ᠬᠤᠲᠤᠭᠲᠤ ᠳ᠋ᠠᠨᠽᠠᠨᠷᠠᠪᠵᠠᠢ》ᠤᠷᠠᠨ ᠪᠦᠲᠦᠭᠡᠯ ᠦᠨ ᠤᠷᠤᠯᠳᠤᠭᠠᠨ ᠪᠤᠯᠪᠠ | News.MN

《 ᠨᠤᠶᠠᠨ ᠬᠤᠲᠤᠭᠲᠤ ᠳ᠋ᠠᠨᠽᠠᠨᠷᠠᠪᠵᠠᠢ》ᠤᠷᠠᠨ ᠪᠦᠲᠦᠭᠡᠯ ᠦᠨ ᠤᠷᠤᠯᠳᠤᠭᠠᠨ ᠪᠤᠯᠪᠠ

ᠳᠣᠷᠣᠨᠠᠭᠣᠪᠢ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠠᠴᠠ ᠭᠣᠪᠢ ᠶᠢᠨ ᠲᠠᠪᠤᠳᠤᠭᠠᠷ ᠳᠦᠷᠢ ᠶᠢᠨ ᠨᠣᠶᠠᠨ ᠬᠤᠲᠤᠭᠲᠤ ᠳ᠋ᠠᠨᠽᠠᠨᠷᠠᠪᠵᠠᠢ  ᠶᠢᠨ ᠮᠡᠯᠮᠡᠢ ᠭᠡᠶᠢᠭᠰᠡᠨ ᠦ 220 ᠵᠢᠯ ᠦᠨ ᠣᠢ ᠶᠢ ᠲᠣᠬᠢᠶᠠᠯᠳᠤᠭᠤᠯᠤᠨ《 ᠨᠤᠶᠠᠨ ᠬᠤᠲᠤᠭᠲᠤ ᠳ᠋ᠠᠨᠽᠠᠨᠷᠠᠪᠵᠠᠢ》 ᠤᠷᠠᠨ ᠪᠦᠲᠦᠭᠡᠯ ᠦᠨ ᠤᠷᠤᠯᠳᠤᠭᠠᠨ ᠤ ᠰᠢᠯᠢᠳᠡᠭ ᠦᠳ ᠢ ᠲᠣᠳᠣᠷᠠᠭᠤᠯᠤᠯ᠎ᠠ᠃
ᠤᠷᠠᠨ ᠪᠦᠲᠦᠭᠡᠯ ᠦᠨ ᠤᠷᠤᠯᠳᠤᠭᠠᠨ ᠳᠤ 28 ᠤᠷᠠᠨ ᠪᠦᠲᠦᠭᠡᠯᠴᠢ 58 ᠪᠦᠲᠦᠭᠡᠯ ᠢᠷᠡᠭᠦᠯᠦᠭᠰᠡᠨ ᠡᠴᠡ 23 ᠪᠦᠲᠦᠭᠡᠯ ᠢ ᠳᠡᠯᠭᠡᠨ ᠦᠵᠡᠰᠬᠦᠯᠡᠩ ᠭᠠᠷᠭᠠᠭᠰᠠᠨ ᠪᠠᠶᠢᠨ᠎ᠠ᠃ ᠡᠭᠦᠨ ᠳᠦ ᠳᠣᠷᠣᠨᠠᠭᠣᠪᠢ ᠠᠶᠢᠮᠠᠭ ᠤᠨ ᠬᠠᠲᠠᠨᠪᠤᠯᠠᠭ ᠰᠤᠮᠤ ᠶᠢᠨ ᠬᠠᠷᠢᠶᠠᠲᠤ ᠠᠷᠠᠳ ᠤᠨ ᠵᠢᠷᠤᠭᠠᠴᠢ ᠯ ∙ ᠭᠠᠸᠠ ᠶᠢᠨ ᠬᠦᠦ ᠵᠢᠷᠤᠭᠠᠴᠢ ᠭ ∙ ᠲᠡᠮᠦᠷ᠂ ᠠᠷᠠᠳ ᠤᠨ ᠵᠢᠷᠤᠭᠠᠴᠢ ᠼ∙ᠪᠠᠢᠳᠠ ᠵᠡᠷᠭᠡ ᠤᠷᠠᠨ ᠪᠦᠲᠦᠭᠡᠯᠴᠢᠳ ᠤᠷᠠᠨ ᠪᠦᠲᠦᠭᠡᠯ ᠢᠶᠡᠷ ᠢᠶᠡᠨ ᠣᠷᠣᠯᠴᠠᠵᠠᠢ᠃ ᠲᠡᠭᠡᠭᠡᠳ ᠤᠷᠠᠨ ᠵᠢᠷᠤᠭ ᠲᠥᠷᠥᠯ ᠳᠦ ᠭ ∙ ᠲᠡᠮᠦᠷ᠂ ᠤᠷᠠᠨ ᠪᠠᠷᠢᠮᠠᠯ ᠲᠥᠷᠥᠯ ᠳᠦ ᠨ ∙ ᠵᠣᠯᠵᠢᠷᠭᠠᠯ᠂ ᠵᠢᠷᠤᠭᠠᠰᠤᠨ ᠵᠢᠷᠤᠭ ᠲᠥᠷᠥᠯ ᠳᠦ ᠳ∙ ᠭᠤᠩᠭ᠎ᠠ  ᠰᠢᠯᠭᠠᠷᠠᠵᠠᠢ᠃

ᠰᠡᠳᠬᠢᠭᠳᠡᠯ ᠦᠯᠡᠳᠡᠭᠡᠬᠦ