ᠬᠦᠷᠢᠶ᠎ᠡ ᠴᠠᠮ ᠤᠨ ᠶᠣᠰᠣᠯᠠᠯ ᠪᠣᠯᠤᠯ᠎ᠠ | News.MN

ᠬᠦᠷᠢᠶ᠎ᠡ ᠴᠠᠮ ᠤᠨ ᠶᠣᠰᠣᠯᠠᠯ ᠪᠣᠯᠤᠯ᠎ᠠ

ᠪᠤᠷᠬᠠᠨ ᠱᠠᠰᠢᠨ ᠤ ᠵᠠᠩ ᠦᠢᠯᠡ ᠶᠢᠨ ᠤᠯᠠᠮᠵᠢᠯᠠᠯᠲᠤ ᠰᠤᠶᠤᠯ ᠤᠨ ᠨᠢᠭᠡ ᠴᠠᠮ ᠤᠨ ᠶᠣᠰᠣᠯᠠᠯ ᠢ ᠵᠡᠭᠦᠨ ᠬᠦᠷᠢᠶ᠎ᠡ ᠳᠠᠰᠢᠴᠤᠢᠯᠢᠨ ᠬᠡᠶᠢᠳ᠂ 《ᠪᠣᠳᠢ ᠮᠥᠷ ᠦᠨ ᠵᠢᠮ》ᠲᠥᠷᠥ ᠶᠢᠨ ᠪᠤᠰᠤ ᠪᠠᠶᠢᠭᠤᠯᠤᠯᠭ᠎ᠠ ᠠᠴᠠ ᠬᠠᠮᠲᠤᠷᠠᠨ ᠵᠣᠬᠢᠶᠠᠨ ᠪᠠᠶᠢᠭᠤᠯᠤᠯ᠎ᠠ᠃
ᠴᠠᠮ ᠨᠢ ᠪᠤᠷᠬᠠᠨ ᠱᠠᠰᠢᠨ ᠤ ᠶᠡᠬᠡ᠂ ᠪᠠᠭ᠎ᠠ ᠠᠷᠪᠠᠨ ᠤᠬᠠᠭᠠᠨ ᠤ ᠠᠢ ᠰᠠᠪᠠ ᠳᠤ ᠪᠠᠭᠲᠠᠳᠠᠭ᠂ ᠲᠣᠭᠣᠷᠢᠨ ᠪᠦᠵᠢᠬᠦ ᠤᠬᠠᠭᠠᠨ ᠪᠤᠶᠤ ᠨᠢᠭᠤᠴᠠ ᠲᠠᠷᠨᠢ ᠶᠢᠨ ᠪᠢᠰᠢᠯᠭᠠᠯ ᠳ᠋ᠢᠶᠠᠨ ᠤ ᠵᠠᠩ ᠦᠢᠯᠡ ᠶᠢᠨ ᠨᠢᠭᠡ ᠶᠤᠮ᠃ ᠴᠠᠮ ᠦᠵᠡᠭᠰᠡᠨ ᠬᠦᠮᠦᠨ ᠦ ᠰᠡᠳᠬᠢᠯ ᠠᠷᠢᠭᠤᠰᠴᠤ᠂ ᠢᠷᠡᠭᠡᠳᠦᠢ ᠬᠣᠶᠢᠴᠢ ᠳᠤ ᠪᠠᠨ ᠭᠡᠭᠡᠷᠡᠯ ᠳᠦ ᠬᠦᠷᠴᠦ᠂ ᠪᠤᠷᠬᠠᠨ ᠪᠣᠳᠢᠰᠠᠳ᠋ᠸ᠎ᠠ ᠨᠠᠷ ᠤᠨ ᠭᠡᠭᠡᠨ ᠳᠦᠷᠢ ᠲᠡᠢ ᠤᠴᠠᠷᠠᠬᠤ ᠶᠢᠨ ᠢᠷᠦᠭᠡᠯ ᠦᠨ ᠳᠡᠭᠡᠳᠦ ᠪᠣᠯᠳᠠᠭ ᠬᠡᠮᠡᠨ ᠦᠵᠡᠳᠡᠭ ᠪᠠᠶᠢᠨ᠎ᠠ᠃

ᠰᠡᠳᠬᠢᠭᠳᠡᠯ ᠦᠯᠡᠳᠡᠭᠡᠬᠦ