ᠮ ∙ ᠳᠠᠸᠠᠵᠢᠷᠭᠠᠯ ᠲᠥᠪ ᠠᠶᠢᠮᠠᠭ ᠤᠨ 100 ᠵᠢᠯ ᠦᠨ ᠣᠢ ᠳᠤ ᠣᠷᠣᠯᠴᠠᠵᠤ ᠪᠠᠶᠢᠨ᠎ᠠ | News.MN

ᠮ ∙ ᠳᠠᠸᠠᠵᠢᠷᠭᠠᠯ ᠲᠥᠪ ᠠᠶᠢᠮᠠᠭ ᠤᠨ 100 ᠵᠢᠯ ᠦᠨ ᠣᠢ ᠳᠤ ᠣᠷᠣᠯᠴᠠᠵᠤ ᠪᠠᠶᠢᠨ᠎ᠠ

ᠲᠥᠪ ᠠᠶᠢᠮᠠᠭ ᠡᠭᠦᠰᠦᠨ ᠪᠠᠢᠭᠤᠯᠤᠭᠳᠠᠭᠰᠠᠨ ᠤ 100 ᠵᠢᠯ ᠦᠨ ᠣᠢ ᠶᠢᠨ ᠨᠠᠭᠠᠳᠤᠮ 07 ᠰᠠᠷ᠎ᠠ ᠶᠢᠨ 27 ᠳᠦ  ᠡᠬᠢᠯᠡᠵᠡᠢ᠃ ᠨᠠᠭᠠᠳᠤᠮ ᠳᠤ ᠶᠠᠫᠣᠨ ᠤ ᠮᠡᠷᠭᠡᠵᠢᠯ ᠦᠨ ᠰᠦᠮᠤᠤ ᠶᠢᠨ 69 ᠳ᠋ᠡᠬᠢ ᠶᠡᠬᠡ ᠠᠪᠤᠷᠭᠤ ᠮ ∙ ᠳᠠᠸᠠᠵᠢᠷᠭᠠᠯ ᠣᠷᠣᠯᠴᠠᠬᠤ ᠪᠠᠷ ᠬᠦᠷᠦᠯᠴᠡᠨ ᠢᠷᠡᠵᠡᠢ᠃ ᠲᠡᠷᠡᠪᠡᠷ ᠵᠣᠳᠣᠭ ᠲᠠᠶᠢᠯᠤᠭᠰᠠᠨ ᠠᠴᠠ ᠪᠠᠨ ᠬᠣᠶᠢᠰᠢ ᠮᠣᠩᠭᠣᠯ ᠤᠯᠤᠰ ᠲᠤ ᠠᠩᠬ᠎ᠠ ᠤᠳᠠᠭ᠎ᠠ ᠢᠷᠡᠭᠡᠳ ᠪᠠᠶᠢᠭ᠎ᠠ ᠨᠢ ᠡᠨᠡ ᠶᠤᠮ᠃

ᠲᠡᠭᠦᠨ ᠦ ᠠᠪᠤ ᠮᠣᠩᠭᠣᠯ ᠦᠨᠳᠦᠰᠦᠨ ᠦ ᠪᠥᠬᠡ ᠶᠢᠨ ᠳᠠᠯᠠᠢ ᠳᠠᠶᠠᠩ ᠠᠪᠤᠷᠭᠤ ᠵ ∙ ᠮᠥᠩᠬᠡᠪᠠᠲᠤ ᠨᠢ ᠲᠥᠪ ᠠᠶᠢᠮᠠᠭ ᠤᠨ ᠡᠷᠳᠡᠨᠢᠰᠠᠩᠲᠤ ᠰᠤᠮᠤ ᠶᠢᠨ ᠤᠤᠭᠠᠯ ᠶᠤᠮ᠃ ᠬᠡᠳᠦ ᠬᠣᠨᠣᠭ ᠤᠨ ᠡᠮᠦᠨ᠎ᠡ  ᠲᠡᠨᠳᠡ ᠰᠤᠮᠤ ᠶᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ ᠳᠡᠷᠭᠡᠳᠡ ᠳᠣᠮᠣᠭᠲᠤ ᠠᠪᠤᠷᠭᠤ ᠶᠢᠨ ᠴᠡᠭᠡᠵᠢ ᠪᠠᠷᠢᠮᠠᠯ ᠢ ᠨᠢ ᠪᠣᠰᠬᠠᠭᠰᠠᠨ᠃

ᠰᠡᠳᠬᠢᠭᠳᠡᠯ ᠦᠯᠡᠳᠡᠭᠡᠬᠦ