ᠷᠣᠮ ᠤᠨ ᠫᠠᠫ ᠮᠣᠩᠭᠣᠯ ᠳᠤ ᠢᠷᠡᠬᠦ ᠳᠦ ᠪᠡᠨ ᠣᠷᠣᠰ ᠤᠨ ᠱᠠᠰᠢᠨ ᠤ ᠲᠡᠷᠢᠭᠦᠨ ᠲᠡᠢ ᠠᠭᠤᠯᠵᠠᠬᠤ ᠮᠠᠭᠠᠳ | News.MN

ᠷᠣᠮ ᠤᠨ ᠫᠠᠫ ᠮᠣᠩᠭᠣᠯ ᠳᠤ ᠢᠷᠡᠬᠦ ᠳᠦ ᠪᠡᠨ ᠣᠷᠣᠰ ᠤᠨ ᠱᠠᠰᠢᠨ ᠤ ᠲᠡᠷᠢᠭᠦᠨ ᠲᠡᠢ ᠠᠭᠤᠯᠵᠠᠬᠤ ᠮᠠᠭᠠᠳ

ᠦᠺᠷᠠᠶᠢᠨ ᠤ ᠳᠠᠶᠢᠨ ᠠᠴᠠ ᠡᠭᠦᠳᠦᠨ ᠸᠠᠲ᠋ᠢᠺᠠᠨ ᠪᠣᠯᠤᠨ ᠣᠷᠣᠰ ᠤᠨ ᠬᠣᠭᠣᠷᠣᠨᠳᠣ ᠬᠠᠷᠢᠯᠴᠠᠭ᠎ᠠ ᠮᠠᠭᠤᠳᠠᠭᠰᠠᠨ᠃ ᠷᠣᠮ ᠤᠨ ᠫᠠᠫ ᠹᠷᠠᠨᠼᠢᠰ ᠨᠠᠢ᠌ᠮᠠᠳᠤᠭᠠᠷ ᠰᠠᠷ᠎ᠠ ᠶᠢᠨ ᠰᠡᠭᠦᠯ ᠢᠶᠡᠷ ᠮᠣᠩᠭᠣᠯ ᠳᠤ ᠠᠶᠢᠯᠴᠢᠯᠠᠬᠤ ᠪᠥᠭᠡᠳ ᠤᠯᠠᠭᠠᠨᠪᠠᠭᠠᠲᠤᠷ ᠲᠤ ᠢᠷᠡᠬᠦ ᠵᠠᠮ ᠳᠤ ᠪᠠᠨ ᠣᠷᠣᠰ ᠤᠨ ᠦᠨᠡᠨ ᠠᠯᠳᠠᠷᠲᠠᠨ ᠤ ᠱᠠᠰᠢᠨ ᠤ ᠲᠡᠷᠢᠭᠦᠨ᠂ ᠬᠠᠮᠪᠤ ᠯᠠᠮᠠ ᠺᠢᠷᠢᠯ ᠲᠡᠢ ᠠᠭᠤᠯᠵᠠᠬᠤ ᠬᠦᠰᠡᠯᠲᠡ ᠲᠠᠯᠪᠢᠭᠰᠠᠨ ᠲᠤᠬᠠᠢ ᠲᠤᠰ ᠤᠯᠤᠰ ᠤᠨ ᠬᠡᠪᠯᠡᠯ ᠦᠳ ᠮᠡᠳᠡᠭᠡᠯᠡᠵᠡᠢ᠃
ᠲᠡᠷᠡᠪᠡᠷ ᠮᠣᠩᠭᠣᠯ ᠳᠤ ᠢᠷᠡᠬᠦ ᠵᠠᠮ ᠳᠤ ᠪᠠᠨ ᠨᠢᠰᠬᠦ ᠣᠩᠭᠣᠴᠠ ᠨᠢ ᠮᠣᠰᠺᠸᠠ ᠶᠢᠨ ᠨᠢᠰᠬᠦ ᠪᠠᠭᠤᠳᠠᠯ ᠳᠤ ᠰᠢᠲᠠᠬᠤᠨ ᠢᠶᠠᠨ ᠴᠡᠨᠡᠭᠯᠡᠬᠦ ᠦᠶ᠎ᠡ ᠪᠡᠷ ᠠᠭᠤᠯᠵᠠᠬᠤ ᠶᠢ ᠰᠠᠨᠠᠯ ᠪᠣᠯᠭᠠᠭᠰᠠᠨ ᠪᠠᠶᠢᠨ᠎ᠠ᠃ ᠲᠣᠳᠣᠷᠠᠭᠤᠯᠪᠠᠯ᠂ ᠮᠣᠰᠺᠸᠠ ᠶᠢᠨ  ᠳ᠋ᠤᠮᠤᠳ᠋ᠸᠳᠤᠪᠤ ᠶᠤᠮ ᠤᠤ᠂ ᠸᠨᠤᠺᠤᠸᠤ᠋ ᠶᠢᠨ ᠨᠢᠭᠡᠨ ᠨᠢᠰᠬᠦ ᠣᠩᠭᠣᠴᠠᠨ ᠤ ᠪᠠᠭᠤᠳᠠᠯ ᠳᠤ ᠠᠭᠤᠯᠵᠠᠬᠤ ᠶᠢ ᠰᠠᠨᠠᠯ ᠪᠣᠯᠭᠠᠵᠤ ᠪᠠᠶᠢᠨ᠎ᠠ᠃
ᠲᠠᠰᠰ ᠠᠭᠧᠨᠲᠯᠢᠭ  ᠮᠡᠳᠡᠭᠡᠯᠡᠬᠦ ᠳᠦ ᠪᠡᠨ᠂ ᠠᠭᠤᠯᠵᠠᠯᠲᠠ ᠶᠢ ᠷᠣᠮ ᠤᠨ ᠫᠠᠫ ᠢ ᠮᠣᠩᠭᠣᠯ ᠤᠷᠤᠭᠤ ᠨᠢᠰᠬᠦ  ᠨᠠᠢ᠌ᠮᠠᠳᠤᠭᠠᠷ ᠰᠠᠷ᠎ᠠ ᠶᠢᠨ 31 ᠡᠰᠡᠪᠡᠯ ᠶᠢᠰᠦᠳᠦᠭᠡᠷ ᠰᠠᠷ᠎ᠠ ᠶᠢᠨ 4  ᠳᠦ ᠪᠤᠴᠠᠬᠤ ᠦᠶ᠎ᠡ ᠳᠦ ᠨᠢ 《ᠲᠥᠪ ᠢ ᠰᠠᠬᠢᠭᠰᠠᠨ》 ᠭᠠᠵᠠᠷ ᠲᠤ ᠬᠢᠵᠦ ᠮᠠᠭᠠᠳ ᠦᠭᠡᠢ ᠭᠡᠨ᠎ᠡ᠃ ᠣᠩᠭᠣᠴᠠᠨ ᠤ ᠪᠠᠭᠤᠳᠠᠯ ᠨᠢ ᠳᠠᠮᠵᠢᠨ ᠥᠩᠭᠡᠷᠡᠬᠦ᠂ ᠲᠥᠪ ᠢ ᠰᠠᠬᠢᠭᠰᠠᠨ ᠪᠥᠰᠡ ᠭᠡᠵᠦ ᠲᠣᠭᠠᠴᠠᠭᠳᠠᠳᠠᠭ ᠲᠤᠯᠠ ᠹᠷᠠᠨᠼᠢᠰ ᠢ ᠣᠷᠣᠰ ᠲᠤ ᠠᠶᠢᠯᠴᠢᠯᠠᠬᠤ ᠶᠢ ᠡᠰᠡᠷᠭᠦᠴᠡᠭᠴᠢᠳ ᠡᠴᠡ ᠬᠠᠮᠠᠭᠠᠯᠠᠭᠰᠠᠨ ᠦᠢᠯᠡᠳᠦᠯ ᠶᠤᠮ᠃ ᠭᠡᠬᠦ ᠳᠦ ᠪᠡᠨ ᠣᠷᠣᠰ ᠤᠨ ᠦᠨᠡᠨ ᠠᠯᠳᠠᠷᠲᠠᠨ ᠤ ᠱᠠᠰᠢᠨ ᠤ ᠲᠡᠷᠢᠭᠦᠨ᠂ ᠬᠠᠮᠪᠤ ᠯᠠᠮᠠ ᠺᠢᠷᠢᠯ ᠠᠭᠤᠯᠵᠠᠯᠲᠠ ᠳᠤ ᠬᠠᠷᠠᠬᠠᠨ ᠬᠠᠷᠢᠭᠤ ᠬᠡᠯᠡᠭᠡ ᠦᠭᠡᠢ ᠪᠠᠶᠢᠭ᠎ᠠ ᠭᠡᠨ᠎ᠡ᠃

ᠰᠡᠳᠬᠢᠭᠳᠡᠯ ᠦᠯᠡᠳᠡᠭᠡᠬᠦ