ᠰᠦᠮᠦᠦ ᠭᠠᠩᠡᠷᠳᠡᠨᠢ《ᠠᠩᠭᠠᠯ ᠤᠨ ᠢᠷᠤᠭᠠᠷ ᠠᠴᠠ ᠥᠭᠰᠥᠬᠦ ᠮᠠᠷᠭᠠᠰᠢ》ᠭᠡᠬᠦ ᠨᠣᠮ  ᠪᠢᠴᠢᠵᠡᠢ | News.MN

ᠰᠦᠮᠦᠦ ᠭᠠᠩᠡᠷᠳᠡᠨᠢ《ᠠᠩᠭᠠᠯ ᠤᠨ ᠢᠷᠤᠭᠠᠷ ᠠᠴᠠ ᠥᠭᠰᠥᠬᠦ ᠮᠠᠷᠭᠠᠰᠢ》ᠭᠡᠬᠦ ᠨᠣᠮ  ᠪᠢᠴᠢᠵᠡᠢ

ᠮᠡᠷᠭᠡᠵᠢᠯ ᠦᠨ ᠰᠦᠮᠦᠦ ᠪᠥᠬᠡ ᠶᠢᠨ ᠶᠣᠺᠣᠽᠦᠨᠠ  ᠲᠧᠷᠤᠨᠤᠹᠦ᠋ᠵᠢ ᠭ ∙ ᠭᠠᠩᠡᠷᠳᠡᠨᠢ  ᠶᠢᠨ《ᠠᠩᠭᠠᠯ ᠤᠨ ᠢᠷᠤᠭᠠᠷ ᠠᠴᠠ ᠥᠭᠰᠥᠬᠦ ᠮᠠᠷᠭᠠᠰᠢ》ᠨᠣᠮ ᠤᠨ ᠨᠡᠭᠡᠭᠡᠯᠲᠡ ᠥᠨᠥᠳᠥᠷ ᠪᠣᠯᠤᠯ᠎ᠠ᠃ ᠲᠡᠷᠡᠪᠡᠷ ᠨᠣᠮ ᠢᠶᠠᠨ ᠨᠡᠭᠡᠭᠡᠵᠦ ᠬᠡᠯᠡᠬᠦ ᠳᠦ ᠪᠡᠨ᠄ ᠪᠢ 6 ᠵᠢᠯ ᠦᠨ ᠳᠠᠷᠠᠭ᠎ᠠ ᠡᠬᠡ ᠣᠷᠣᠨ ᠳᠤ ᠪᠠᠨ ᠢᠷᠡᠵᠦ ᠪᠠᠶᠢᠨ᠎ᠠ᠃ ᠡᠨᠡ ᠨᠣᠮ ᠢ ᠬᠤᠶᠠᠷ ᠵᠢᠯ ᠦᠨ ᠡᠮᠦᠨ᠎ᠡ ᠶᠠᠫᠣᠨ ᠬᠡᠯᠡ ᠪᠡᠷ ᠭᠠᠷᠭᠠᠭᠰᠠᠨ᠃ ᠣᠯᠠᠨ ᠬᠦᠮᠦᠨ ᠳᠦ ᠬᠦᠷᠦᠭᠰᠡᠨ᠃ ᠬᠥᠭᠵᠢᠯ ᠦᠨ ᠪᠡᠷᠬᠡᠰᠢᠶᠡᠯ ᠲᠡᠢ ᠨᠢᠭᠡ ᠶᠠᠫᠣᠨ ᠵᠠᠯᠠᠭᠤ ᠮᠢᠨᠦ ᠨᠣᠮ ᠢ ᠤᠩᠰᠢᠭᠠᠳ᠂ ᠲᠠᠨ ᠤ ᠤᠨᠤᠵᠤ ᠪᠤᠰᠴᠤ᠂ ᠥᠪᠡᠷ ᠢ ᠪᠡᠨ ᠢᠯᠠᠵᠤ ᠢᠷᠡᠭᠰᠡᠨ ᠠᠮᠢᠳᠤᠷᠠᠯ ᠤᠨ ᠵᠢᠱᠢᠶ᠎ᠡ ᠨᠠᠳᠠ ᠳᠤ ᠦᠯᠢᠭᠡᠷ  ᠳᠠᠭᠤᠷᠢᠶᠠᠯ ᠪᠣᠯᠵᠤ ᠪᠠᠶᠢᠨ᠎ᠠ ᠭᠡᠰᠡᠨ ᠨᠢ ᠶᠡᠬᠡ ᠤᠷᠮ᠎ᠠ ᠥᠭᠴᠦ ᠪᠠᠶᠢᠭᠰᠠᠨ ᠃
᠁ ᠠᠮᠢᠳᠤᠷᠠᠯ ᠭᠡᠳᠡᠭ ᠵᠢᠭᠠᠪᠤᠷᠢ ᠲᠠᠢ ᠢᠷᠡᠳᠡᠭ ᠦᠭᠡᠢ᠃ ᠪᠢ 2010 ᠣᠨ ᠳᠤ ᠮᠡᠷᠭᠡᠵᠢᠯ ᠦᠨ ᠰᠦᠮᠦᠦ ᠶᠢᠨ ᠳᠡᠪᠵᠢᠶᠡᠨ ᠳᠦ ᠠᠩᠬ᠎ᠠ ᠬᠥᠯ ᠲᠠᠯᠪᠢᠭᠰᠠᠨ ᠠᠴᠠ ᠬᠣᠶᠢᠰᠢ ᠪᠡᠷᠲᠡᠯ ᠭᠡᠮᠲᠦᠯ᠂ ᠢᠯᠠᠭᠳᠠᠯ᠂ ᠢᠯᠠᠯᠲᠠ ᠣᠯᠠᠨ ᠢ ᠦᠵᠡᠵᠦ᠂ ᠲᠡᠭᠦᠨ ᠢ ᠪᠡᠨ ᠳᠠᠪᠠᠵᠤ ᠭᠠᠷᠤᠭᠰᠠᠨ ᠥᠪᠡᠷ ᠦᠨ ᠲᠡᠦᠬᠡ ᠶᠢ ᠦᠭᠦᠯᠡᠶ᠎ᠡ ᠭᠡᠳᠡᠭ ᠡᠭᠦᠳᠡᠨ ᠡᠴᠡ ᠠᠩᠬ᠎ᠠ ᠪᠢᠴᠢᠭᠰᠡᠨ᠃ ᠣᠳᠣ ᠢᠩᠭᠢᠭᠡᠳ ᠨᠣᠮ ᠢᠶᠠᠨ ᠡᠬᠡ ᠬᠡᠯᠡ ᠪᠡᠷ ᠢᠶᠡᠨ᠂ ᠮᠣᠩᠭᠣᠯᠴᠤᠳ ᠲᠤ ᠪᠠᠨ ᠡᠷᠭᠦᠨ ᠪᠠᠷᠢᠵᠤ ᠪᠠᠶᠢᠨ᠎ᠠ ᠭᠡᠪᠡ᠃

ᠰᠡᠳᠬᠢᠭᠳᠡᠯ ᠦᠯᠡᠳᠡᠭᠡᠬᠦ