ᠪᠠᠶᠠᠨᠬᠣᠩᠭᠣᠷ ᠠᠶᠢᠮᠠᠭ ᠤᠨ ᠡᠷᠳᠡᠨᠢᠴᠣᠭᠲᠤ ᠰᠤᠮᠤ ᠶᠢᠨ ᠲᠡᠦᠬᠡᠲᠦ 100 ᠵᠢᠯ ᠦᠨ ᠣᠢ ᠶᠢᠨ ᠪᠠᠶᠠᠷ ᠨᠠᠭᠠᠳᠤᠮ ᠳᠤ ᠠᠪᠤ ᠬᠦᠦ ᠬᠣᠶᠠᠷ ᠲᠦᠷᠦᠭᠦᠯᠡᠵᠡᠢ᠃ ᠲᠣᠳᠣᠷᠠᠭᠤᠯᠪᠠᠯ᠂ 128 ᠪᠥᠬᠡ ᠶᠢᠨ ᠪᠠᠷᠢᠯᠳᠤᠭᠠᠨ ᠳᠤ ᠴᠡᠷᠢᠭ ᠦᠨ ᠠᠷᠰᠯᠠᠨ ᠭ ∙ ᠵᠠᠮᠪᠠᠯᠳᠣᠷᠵᠢ ᠲᠦᠷᠦᠭᠦᠯᠡᠵᠦ᠂ ᠲᠡᠭᠦᠨ ᠦ ᠬᠦᠦ ᠵ∙ᠳᠠᠷᠬᠠᠨᠪᠠᠭᠠᠲᠤᠷ ᠥᠰᠪᠦᠷᠢ ᠶᠢᠨ ᠪᠥᠬᠡ ᠶᠢᠨ ᠪᠠᠷᠢᠯᠳᠤᠭᠠᠨ ᠳᠤ ᠲᠦᠷᠦᠭᠦᠯᠡᠭᠰᠡᠨ ᠪᠠᠶᠢᠨ᠎ᠠ᠃
ᠭ∙ᠵᠠᠮᠪᠠᠯᠳᠣᠷᠵᠢ ᠡᠨᠡ ᠵᠢᠯ ᠦᠨ ᠤᠯᠤᠰ ᠤᠨ ᠨᠠᠭᠠᠳᠤᠮ ᠳᠤ ᠲᠠᠪᠤ ᠶᠢᠨ ᠳᠠᠪᠠᠭᠠᠨ ᠳᠤ ᠤᠯᠤᠰ ᠤᠨ ᠠᠷᠰᠯᠠᠨ ᠼ ∙ ᠰᠣᠳᠨᠠᠮᠳᠣᠷᠵᠢ ᠳᠤ ᠡᠪᠦᠳᠦᠭ ᠰᠢᠷᠤᠶᠢᠳᠠᠭᠰᠠᠨ᠃ ᠪᠠᠷᠢᠯᠳᠤᠭᠠᠨ ᠤ ᠳᠠᠷᠠᠭ᠎ᠠ ᠲᠡᠭᠦᠨ ᠦ ᠬᠦᠦ ᠠᠪᠤ ᠪᠠᠨ ᠤᠯᠤᠰ ᠤᠨ ᠴᠣᠯᠠᠲᠠᠨ ᠪᠣᠯᠵᠤ ᠴᠢᠳᠠᠭ᠎ᠠ ᠦᠭᠡᠢ ᠳᠦ ᠬᠠᠷᠠᠮᠰᠠᠨ ᠤᠬᠢᠯᠠᠵᠤ᠂ ᠬᠦᠦ ᠪᠡᠨ ᠠᠷᠭᠠᠳᠠᠬᠤ ᠳᠤ ᠪᠠᠨ ᠭ ∙ ᠵᠠᠮᠪᠠᠯᠳᠣᠷᠵᠢ ᠥᠪᠡᠷ ᠢᠶᠡᠨ ᠴᠤ ᠨᠢᠯᠪᠤᠰᠤ ᠳᠤᠰᠤᠯᠠᠭᠤᠯᠵᠤ ᠪᠠᠶᠢᠭᠰᠠᠨ ᠨᠢ ᠴᠠᠬᠢᠮ ᠤᠷᠴᠢᠨ ᠳᠤ ᠪᠢᠴᠢᠯᠭᠡ ᠪᠣᠯᠤᠨ ᠦᠯᠡᠳᠡᠵᠦ᠂ ᠣᠯᠠᠨ ᠬᠠᠨᠳᠤᠯᠲᠠ ᠠᠪᠤᠭᠰᠠᠨ ᠪᠠᠶᠢᠳᠠᠭ᠃ ᠠᠪᠤ᠂ ᠬᠦᠦ ᠬᠣᠶᠠᠷ ᠢ ᠢᠷᠡᠬᠦ ᠨᠠᠭᠠᠳᠤᠮ ᠤᠳ ᠲᠤ ᠪᠠᠬᠠᠳᠤᠮ᠎ᠠ ᠠᠮᠵᠢᠯᠲᠠ ᠭᠠᠷᠭᠠᠨ᠎ᠠ ᠭᠡᠰᠡᠨ ᠬᠦᠯᠢᠶᠡᠯᠲᠡ᠂ ᠣᠯᠠᠨ ᠤ ᠢᠷᠦᠭᠡᠯ ᠢᠶᠡᠷ ᠡᠶᠢᠨᠬᠦᠦ ᠨᠤᠲᠤᠭ ᠤᠨ ᠢᠶᠠᠨ ᠨᠠᠭᠠᠳᠤᠮ ᠢ ᠥᠩᠭᠡᠯᠡᠵᠦ᠂ ᠴᠢᠮᠡᠭ ᠨᠢ ᠪᠣᠯᠪᠠ᠃