ᠶᠠᠫᠣᠨ ᠤ ᠰᠢᠯᠢᠳᠡᠭ 20 ᠰᠤᠷᠤᠭᠴᠢ ᠭᠣᠪᠢ ᠨᠤᠲᠤᠭ ᠲᠤ ᠵᠣᠴᠢᠯᠠᠨ᠎ᠠ | News.MN

ᠶᠠᠫᠣᠨ ᠤ ᠰᠢᠯᠢᠳᠡᠭ 20 ᠰᠤᠷᠤᠭᠴᠢ ᠭᠣᠪᠢ ᠨᠤᠲᠤᠭ ᠲᠤ ᠵᠣᠴᠢᠯᠠᠨ᠎ᠠ

ᠳᠣᠷᠣᠨᠠᠭᠣᠪᠢ ᠠᠶᠢᠮᠠᠭ᠂ ᠶᠠᠫᠣᠨ ᠤ ᠱᠢᠽᠤᠺᠠ ᠮᠤᠵᠢ ᠬᠣᠭᠣᠷᠣᠨᠳᠣ ᠶᠢᠨ ᠬᠠᠮᠲᠤ ᠶᠢᠨ ᠠᠵᠢᠯᠯᠠᠭᠠᠨ ᠤ ᠬᠦᠷᠢᠶᠡᠨ ᠳᠦ ᠢᠷᠡᠬᠦ ᠨᠠᠢ᠌ᠮᠠᠳᠤᠭᠠᠷ ᠰᠠᠷ᠎ᠠ ᠶᠢᠨ 07  ᠳᠦ ᠱᠢᠽᠤᠺᠠ ᠮᠤᠵᠢ ᠶᠢᠨ 20 ᠰᠤᠷᠤᠭᠴᠢ ᠭᠣᠪᠢ ᠨᠤᠲᠤᠭ ᠲᠤ ᠵᠣᠴᠢᠯᠠᠨ᠎ᠠ᠃ ᠠᠩᠬ᠎ᠠ 2010 ᠣᠨ ᠤ 11  ᠳ᠋ᠤᠭᠡᠷ ᠰᠠᠷ᠎ᠠ ᠳᠤ ᠮᠣᠩᠭᠣᠯ ᠤᠯᠤᠰ ᠤᠨ ᠶᠡᠷᠦᠩᠬᠡᠶᠢᠯᠡᠭᠴᠢ  ᠴ∙ ᠡᠯᠪᠡᠭᠳᠣᠷᠵᠢ ᠶᠢ ᠶᠠᠫᠣᠨ ᠤᠯᠤᠰ ᠲᠤ ᠠᠯᠪᠠᠨ ᠶᠣᠰᠣᠨ ᠤ ᠠᠶᠢᠯᠴᠢᠯᠠᠯ ᠬᠢᠬᠦ ᠦᠶ᠎ᠡ ᠪᠡᠷ ᠠᠶᠢᠮᠠᠭ ᠮᠤᠵᠢ ᠬᠣᠭᠣᠷᠣᠨᠳᠣ ᠬᠠᠮᠲᠤᠷᠠᠨ ᠠᠵᠢᠯᠯᠠᠬᠤ ᠡᠬᠢᠨ ᠦ ᠬᠡᠯᠡᠯᠴᠡᠭᠡᠷ ᠢ ᠲᠠᠯ᠎ᠠ ᠨᠤᠭᠤᠳ ᠬᠢᠭᠰᠡᠨ ᠪᠠᠶᠢᠳᠠᠭ᠃
ᠠᠷᠠᠯ ᠤᠨ ᠣᠷᠣᠨ ᠤ ᠬᠡᠦᠬᠡᠳ ᠦᠳ ᠲᠠᠯ᠎ᠠ ᠨᠤᠲᠤᠭ ᠲᠤ ᠢᠷᠡᠵᠦ ᠮᠣᠩᠭᠣᠯ ᠠᠶᠢᠯ ᠳᠤ ᠵᠣᠴᠢᠯᠠᠵᠤ ᠨᠡᠭᠦᠳᠡᠯᠴᠢ ᠠᠷᠠᠳ ᠲᠦᠮᠡᠨ ᠦ ᠰᠤᠶᠤᠯ᠂ ᠵᠠᠩ ᠵᠠᠩᠰᠢᠯ ᠢ ᠦᠵᠡᠵᠦ ᠮᠣᠩᠭᠣᠯ ᠬᠡᠦᠬᠡᠳ ᠦᠳ ᠲᠡᠢ ᠬᠡᠰᠡᠭᠬᠡᠨ ᠴᠠᠭ ᠮᠥᠴᠡ ᠶᠢ ᠬᠠᠮᠲᠤ ᠥᠩᠭᠡᠷᠡᠭᠦᠯᠬᠦ ᠶᠤᠮ᠃ ᠥᠩᠭᠡᠷᠡᠭᠰᠡᠨ 11 ᠵᠢᠯ ᠦᠨ ᠬᠤᠭᠤᠴᠠᠭᠠᠨ ᠳᠤ ᠰᠤᠷᠤᠭᠴᠢ ᠰᠣᠯᠢᠯᠴᠠᠭᠠᠨ ᠤ ᠬᠥᠲᠥᠯᠪᠦᠷᠢ ᠳᠦ ᠨᠡᠶᠢᠲᠡ 210 ᠰᠤᠷᠤᠭᠴᠢ᠂ 36 ᠪᠠᠭᠰᠢ ᠬᠠᠮᠤᠷᠤᠭᠳᠠᠵᠠᠢ᠃

ᠰᠡᠳᠬᠢᠭᠳᠡᠯ ᠦᠯᠡᠳᠡᠭᠡᠬᠦ