ᠡᠷ᠎ᠡ ᠶᠢᠨ ᠭᠤᠷᠪᠠᠨ ᠨᠠᠭᠠᠳᠤᠮ ᠤᠨ ᠲᠡᠦᠬᠡ ᠶᠢ ᠥᠭᠦᠯᠡᠬᠦ ᠪᠦᠲᠦᠭᠡᠯ ᠦᠳ ᠮᠡᠨᠳᠦᠯᠡᠵᠡᠢ | News.MN

 ᠡᠷ᠎ᠡ ᠶᠢᠨ ᠭᠤᠷᠪᠠᠨ ᠨᠠᠭᠠᠳᠤᠮ ᠤᠨ ᠲᠡᠦᠬᠡ ᠶᠢ ᠥᠭᠦᠯᠡᠬᠦ ᠪᠦᠲᠦᠭᠡᠯ ᠦᠳ ᠮᠡᠨᠳᠦᠯᠡᠵᠡᠢ

ᠲᠥᠪ ᠠᠶᠢᠮᠠᠭ ᠡᠭᠦᠰᠦᠨ ᠪᠠᠢᠭᠤᠯᠤᠭᠳᠠᠭᠰᠠᠨ ᠲᠡᠦᠬᠡᠲᠦ 100 ᠵᠢᠯ ᠦᠨ ᠬᠦᠷᠢᠶᠡᠨ ᠳᠦ ᠡᠷ᠎ᠡ ᠶᠢᠨ ᠭᠤᠷᠪᠠᠨ ᠨᠠᠭᠠᠳᠤᠮ ᠤᠨ ᠵᠠᠭᠤᠨ ᠵᠢᠯ ᠦᠨ ᠲᠡᠦᠬᠡ ᠶᠢ ᠥᠭᠦᠯᠡᠬᠦ 《ᠵᠠᠭᠤᠨ ᠢᠶᠠᠷ ᠥᠷᠲᠡᠭᠡᠯᠡᠭᠰᠡᠨ ᠤᠤᠬᠠᠢ》᠂ 《ᠲᠥᠪ ᠲᠦᠮᠡᠨ ᠦ ᠡᠷ᠎ᠡ ᠶᠢᠨ ᠭᠤᠷᠪᠠᠨ ᠨᠠᠭᠠᠳᠤᠮ᠂ ᠰᠫᠣᠷᠲ ᠤᠨ  ᠠᠯᠳᠠᠷᠲᠠᠳ》᠂《ᠪᠣᠭᠳᠠ ᠳᠦᠩᠵᠢᠨᠭᠠᠷᠪᠣ ᠶᠢᠨ ᠪᠥᠬᠡᠴᠦᠳ》ᠨᠣᠮ ᠤᠳ ᠤᠨ ᠨᠡᠭᠡᠭᠡᠯᠲᠡ ᠪᠣᠯᠤᠯ᠎ᠠ᠃
ᠤᠭ ᠪᠦᠲᠦᠭᠡᠯ ᠦᠳ ᠲᠦ ᠲᠥᠪ ᠨᠤᠲᠤᠭ ᠠᠴᠠ ᠲᠦᠷᠦᠭᠰᠡᠨ ᠤᠶᠠᠭᠠᠴᠢᠳ᠂ ᠤᠳᠤᠮᠲᠤ ᠬᠤᠷᠳᠤᠨ ᠬᠦᠯᠦᠭ ᠦᠳ᠂ ᠠᠯᠳᠠᠷ ᠰᠤᠤ ᠪᠠᠨ ᠮᠠᠨᠳᠤᠭᠤᠯᠤᠭᠰᠠᠨ ᠬᠦᠴᠦᠲᠦ ᠪᠥᠬᠡᠴᠦᠳ᠂ ᠦᠨᠳᠦᠰᠦᠨ ᠦ ᠰᠤᠷ ᠤᠨ ᠬᠠᠷᠪᠤᠭ᠎ᠠ ᠪᠣᠯᠤᠨ ᠱᠠᠭ᠎ᠠ ᠶᠢᠨ ᠬᠠᠷᠪᠤᠭᠠᠨ ᠤ ᠮᠡᠷᠭᠡᠳ᠂ ᠵᠢᠷᠤᠭ᠎ᠠ ᠮᠣᠷᠢᠳ᠂ ᠲᠢᠪ᠂ ᠳᠡᠯᠡᠬᠡᠢ ᠪᠣᠯᠤᠨ ᠣᠯᠢᠮᠫ ᠤᠨ ᠶᠡᠬᠡ ᠨᠠᠭᠠᠳᠤᠮ ᠳᠤ ᠤᠯᠤᠰ ᠤᠨ ᠢᠶᠠᠨ ᠨᠡᠷ᠎ᠡ ᠶᠢ ᠴᠤᠤᠷᠢᠶᠠᠲᠤᠭᠤᠯᠤᠭᠰᠠᠨ ᠬᠥᠳᠡᠯᠮᠦᠷᠢ ᠶᠢᠨ ᠪᠠᠭᠠᠲᠤᠷ ᠤᠳ᠂ ᠳᠠᠰᠬᠠᠯᠵᠢᠭᠤᠯᠤᠭᠴᠢ ᠂ ᠶᠡᠬᠡ ᠰᠫᠣᠷᠲ ᠤᠨ ᠠᠮᠵᠢᠯᠲᠠ ᠪᠠᠷ ᠢᠶᠠᠨ ᠮᠠᠩᠯᠠᠶᠢᠯᠠᠭᠰᠠᠨ ᠭᠠᠪᠢᠶᠠᠲᠤ ᠲᠠᠮᠢᠷᠴᠢᠳ ᠤᠨ ᠲᠠᠯ᠎ᠠ ᠪᠠᠷ ᠦᠭᠦᠯᠡᠵᠡᠢ᠃
ᠲᠥᠪ ᠠᠶᠢᠮᠠᠭ  ᠪᠤᠯ ᠠᠷᠠᠳ ᠤᠨ ᠲᠥᠷᠥ ᠶᠢᠨ 3 ᠠᠪᠤᠷᠭᠤ ᠲᠡᠷᠢᠭᠦᠲᠡᠢ 65 ᠤᠯᠤᠰ ᠤᠨ ᠴᠣᠯᠠ ᠲᠠᠢ ᠪᠥᠬᠡ ᠲᠥᠷᠥᠨ ᠭᠠᠷᠤᠭᠰᠠᠨ᠂ ᠲᠥᠷᠥ ᠶᠢᠨ ᠨᠠᠭᠠᠳᠤᠮ ᠤᠨ 14 ᠲᠦᠷᠦᠭᠦᠦ᠂ 13 ᠦᠵᠦᠭᠦᠷ ᠢ ᠠᠪᠤᠭᠰᠠᠨ ᠬᠦᠴᠦᠲᠡᠨ ᠨᠦᠭᠦᠳ ᠦᠨ ᠥᠯᠥᠭᠡᠢ ᠨᠤᠲᠤᠭ᠃ ᠳᠠᠩᠱᠢᠭ ᠨᠠᠭᠠᠳᠤᠮ ᠤᠨ ᠠᠪᠤᠷᠭᠤ᠂  ᠠᠷᠰᠯᠠᠨ ᠨᠤᠭᠤᠳ ᠣᠯᠠᠨ ᠢᠶᠠᠷ ᠢᠶᠠᠨ ᠲᠦᠷᠦᠵᠦ᠂ ᠲᠡᠦᠬᠡᠨ ᠳᠦ ᠲᠡᠮᠳᠡᠭᠯᠡᠭᠳᠡᠨ ᠦᠯᠡᠳᠡᠭᠰᠡᠨ᠂ ᠠᠷᠠᠳ ᠤᠨ ᠬᠤᠪᠢᠰᠬᠠᠯ ᠤᠨ ᠪᠠᠶᠠᠷ ᠨᠠᠭᠠᠳᠤᠮ ᠤᠨ ᠲᠡᠦᠬᠡᠨ ᠳᠦ ᠬᠣᠶᠠᠷ ᠳᠠᠷᠬᠠᠨ ᠠᠪᠤᠷᠭᠤ ᠲᠦᠷᠦᠭᠰᠡᠨ ᠴᠣᠷ ᠤᠨ ᠭᠠᠭᠴᠠ ᠠᠶᠢᠮᠠᠭ ᠬᠡᠪ ᠢᠶᠡᠷ ᠪᠠᠶᠢᠨ᠎ᠠ᠃

ᠰᠡᠳᠬᠢᠭᠳᠡᠯ ᠦᠯᠡᠳᠡᠭᠡᠬᠦ