《ᠲᠥᠪ ᠠᠶᠢᠮᠠᠭ ᠤᠨ ᠲᠡᠦᠬᠡ》ᠨᠣᠮ ᠤᠨ ᠨᠡᠭᠡᠭᠡᠯᠲᠡ ᠪᠣᠯᠪᠠ | News.MN

《ᠲᠥᠪ ᠠᠶᠢᠮᠠᠭ ᠤᠨ ᠲᠡᠦᠬᠡ》ᠨᠣᠮ ᠤᠨ ᠨᠡᠭᠡᠭᠡᠯᠲᠡ ᠪᠣᠯᠪᠠ

ᠲᠥᠪ ᠠᠶᠢᠮᠠᠭ ᠪᠠᠢᠭᠤᠯᠤᠭᠳᠠᠭᠰᠠᠨ ᠲᠡᠦᠬᠡᠲᠦ 100 ᠵᠢᠯ ᠦᠨ ᠣᠢ ᠶᠢ ᠲᠣᠬᠢᠶᠠᠯᠳᠤᠭᠤᠯᠤᠨ《ᠲᠥᠪ ᠠᠶᠢᠮᠠᠭ ᠤᠨ ᠲᠡᠦᠬᠡ》 ᠭᠤᠷᠪᠠᠨ ᠪᠣᠲᠢ ᠨᠣᠮ ᠢ ᠪᠦᠲᠦᠭᠡᠵᠦ᠂ ᠥᠨᠥᠳᠥᠷ ᠨᠡᠭᠡᠭᠡᠯᠲᠡ ᠶᠢ ᠶᠡᠬᠡ ᠵᠣᠬᠢᠶᠠᠯᠴᠢ ᠳ ∙ ᠨᠠᠴᠤᠭᠳᠣᠷᠵᠢ ᠶᠢᠨ ᠨᠡᠷᠡᠮᠵᠢᠲᠦ ᠠᠶᠢᠮᠠᠭ ᠤᠨ ᠨᠡᠶᠢᠲᠡ ᠶᠢᠨ ᠨᠣᠮ ᠤᠨ ᠰᠠᠩ ᠳᠤ ᠵᠣᠬᠢᠶᠠᠨ ᠪᠠᠶᠢᠭᠤᠯᠪᠠ᠃
ᠲᠡᠷᠢᠭᠦᠨ ᠪᠣᠲᠢ ᠶᠢᠨ ᠵᠣᠬᠢᠶᠠᠭᠴᠢ ᠪᠠᠷ ᠠᠶᠢᠮᠠᠭ ᠤᠨ ᠡᠷᠳᠡᠮᠲᠡᠳ ᠦᠨ ᠵᠥᠪᠯᠡᠯ ᠦᠨ ᠭᠡᠰᠢᠭᠦᠳ ᠠᠵᠢᠯᠯᠠᠵᠠᠢ᠃ ᠬᠠᠷᠢᠨ  ᠬᠤᠶᠠᠳᠤᠭᠠᠷ ᠪᠣᠲᠢ ᠪᠣᠯᠬᠤ 《ᠬᠥᠭᠵᠢᠯ ᠦᠨ ᠲᠦᠭᠦᠴᠡᠭᠡ ᠲᠥᠪ ᠠᠶᠢᠮᠠᠭ》 ᠨᠣᠮ ᠤᠨ ᠵᠣᠬᠢᠶᠠᠭᠴᠢ ᠪᠠᠷ ᠨᠠᠴᠤᠭᠳᠣᠷᠵᠢ ᠶᠢᠨ ᠨᠡᠷᠡᠮᠵᠢᠲᠦ ᠱᠠᠩᠨᠠᠯᠲᠤ ᠱ ∙  ᠴᠡᠷᠡᠩᠳᠤᠤ᠂  ᠭᠤᠷᠪᠠᠳᠤᠭᠠᠷ ᠪᠣᠲᠢ ᠪᠣᠯᠬᠤ 《ᠵᠠᠭᠤᠨ ᠢ ᠪᠦᠲᠦᠭᠡᠭᠰᠡᠨ ᠲᠥᠪ ᠠᠶᠢᠮᠠᠭ ᠤᠨ ᠬᠢᠨ》 ᠨᠣᠮ ᠤᠨ ᠵᠣᠬᠢᠶᠠᠭᠴᠢ ᠪᠠᠷ ᠪᠣᠯᠣᠷ ᠴᠣᠮᠣ ᠶᠢᠨ ᠡᠵᠡᠨ᠂ ᠢᠷᠠᠭᠤ ᠨᠠᠶᠢᠷᠠᠭᠴᠢ ᠼ ∙ ᠡᠷᠳᠡᠨᠢᠪᠠᠭᠠᠲᠤᠷ ᠠᠵᠢᠯᠯᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ