ᠡᠷᠢᠶᠡᠨ ᠬᠦᠷᠡᠨ᠎ᠡ ᠠᠶᠢᠯ ᠤᠨ ᠬᠠᠰᠢᠶᠠᠨ ᠳᠤ ᠣᠷᠣᠵᠤ ᠢᠷᠡᠵᠡᠢ | News.MN

ᠡᠷᠢᠶᠡᠨ ᠬᠦᠷᠡᠨ᠎ᠡ ᠠᠶᠢᠯ ᠤᠨ ᠬᠠᠰᠢᠶᠠᠨ ᠳᠤ ᠣᠷᠣᠵᠤ ᠢᠷᠡᠵᠡᠢ

ᠭᠤᠪᠢᠰᠦ᠋ᠮᠪᠤᠷ ᠠᠶᠢᠮᠠᠭ ᠤᠨ ᠰᠦᠮᠪᠦᠷ ᠰᠤᠮᠤ ᠶᠢᠨ  ᠭᠤᠷᠪᠠᠳᠤᠭᠠᠷ ᠪᠠᠭ ᠤᠨ ᠢᠷᠭᠡᠨ ᠨ ∙ ᠪᠠᠲᠤᠡᠡᠷᠳᠡᠨᠢ ᠶᠢᠨ ᠬᠠᠰᠢᠶᠠᠨ ᠳᠤ 《ᠡᠷᠢᠶᠡᠨ ᠬᠦᠷᠡᠨ᠎ᠡ》ᠭᠡᠳᠡᠭ ᠠᠮᠢᠲᠠᠨ ᠣᠷᠣᠵᠤ ᠢᠷᠡᠭᠰᠡᠨ ᠭᠡᠬᠦ ᠮᠡᠳᠡᠭᠡᠯᠡᠯ ᠦᠨ ᠳᠠᠭᠠᠤ ᠠᠶᠢᠮᠠᠭ ᠤᠨ ᠪᠠᠶᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠭᠠᠵᠠᠷ ᠠᠴᠠ ᠮᠡᠷᠭᠡᠵᠢᠯᠲᠡᠨ᠂ ᠪᠠᠶᠢᠭᠠᠯᠢ ᠬᠠᠮᠠᠭᠠᠯᠠᠭᠴᠢ ᠣᠴᠢᠵᠤ᠂ ᠠᠮᠢᠲᠠᠨ ᠢ ᠪᠠᠶᠢᠭᠠᠯᠢ ᠳᠤ ᠠᠶᠤᠯᠭᠦᠢ ᠪᠡᠷ ᠲᠠᠯᠪᠢᠵᠤ ᠶᠠᠪᠤᠭᠤᠯᠵᠠᠢ᠃
ᠬᠤᠷ᠎ᠠ ᠲᠤᠨᠤᠳᠠᠰᠤ᠂ ᠪᠣᠷᠣᠭ᠎ᠠ ᠬᠤᠷ᠎ᠠ ᠡᠯᠪᠡᠭ ᠲᠡᠢ ᠪᠠᠶᠢᠭ᠎ᠠ ᠲᠠᠢ ᠬᠣᠯᠪᠣᠭᠠᠲᠠᠢ ᠬᠣᠪᠣᠷ ᠠᠮᠢᠲᠠᠳ ᠡᠶᠢᠨᠬᠦᠦ ᠰᠠᠭᠤᠷᠢᠨ ᠭᠠᠵᠠᠷ ᠲᠤ  ᠦᠵᠡᠭᠳᠡᠬᠦ ᠪᠣᠯᠤᠭᠰᠠᠨ ᠪᠠᠶᠢᠨ᠎ᠠ᠃ ᠡᠷᠢᠶᠡᠨ ᠬᠦᠷᠡᠨ᠎ᠡ ᠨᠢ ᠤᠯᠠᠭᠠᠨ ᠨᠣᠮ ᠳᠤ ᠪᠦᠷᠢᠳᠬᠡᠯ ᠲᠡᠢ᠂ ᠬᠣᠪᠣᠷ ᠵᠦᠢᠯ ᠦᠨ ᠭᠣᠪᠢ ᠴᠥᠯ ᠦᠨ ᠪᠥᠰᠡ ᠳᠦ ᠨᠡᠩ ᠬᠣᠪᠣᠷ᠂ ᠰᠤᠤᠰᠠᠷ ᠤᠨ ᠣᠪᠤᠭ ᠤᠨ ᠵᠢᠵᠢᠭ ᠮᠢᠬᠠᠴᠢᠨ ᠠᠮᠢᠲᠠᠨ ᠶᠤᠮ᠃ ᠨᠠᠰᠤ ᠪᠡᠶ᠎ᠡ ᠭᠦᠢᠴᠡᠭᠰᠡᠨ ᠨᠢ ᠪᠡᠶ᠎ᠡ 35 ᠰᠠᠨᠲ᠋ᠢᠮᠧᠲ᠋ᠷ᠂ ᠰᠡᠭᠦᠯ 20 ᠰᠠᠨᠲ᠋ᠢᠮᠧᠲ᠋ᠷ ᠤᠷᠲᠤ᠂ ᠵᠢᠩ 0.50 ᠺᠢᠯᠦᠭᠷᠡᠮ᠂ ᠲᠣᠯᠣᠭᠠᠢ ᠵᠢᠵᠢᠭ᠂ ᠬᠣᠩᠰᠢᠶᠠᠷ ᠪᠣᠭᠣᠨᠢᠪᠲᠤᠷ ᠮᠣᠬᠣᠭᠠᠳᠠᠭᠤ᠂ ᠴᠢᠬᠢ ᠲᠣᠮᠣ ᠤᠭ ᠢᠶᠠᠷ ᠢᠶᠠᠨ ᠥᠷᠭᠡᠨ᠂ ᠳᠡᠯᠪᠡᠭᠡᠷ ᠳᠤᠭᠤᠢ᠂ ᠮᠦᠴᠢ ᠪᠣᠭᠣᠨᠢ᠂ ᠰᠡᠭᠦᠯ ᠤᠷᠲᠤ ᠰᠠᠭᠰᠠᠭᠠᠷ᠂ ᠵᠣᠣ ᠨᠢᠷᠤᠭᠤ ᠪᠡᠶ᠎ᠡ ᠶᠢᠨ ᠬᠠᠵᠠᠭᠤ ᠬᠠᠯᠢᠭᠤᠨ ᠪᠣᠷᠣ ᠳᠡᠪᠢᠰᠬᠡᠷ ᠳᠡᠭᠡᠷ᠎ᠡ ᠡᠯᠳᠡᠪ ᠬᠡᠯᠪᠡᠷᠢ ᠶᠢᠨ ᠴᠠᠶᠢᠪᠤᠷ ᠲᠣᠯᠪᠣ ᠨᠤᠭᠤᠳ ᠲᠠᠢ ᠪᠠᠶᠢᠳᠠᠭ ᠃

ᠰᠡᠳᠬᠢᠭᠳᠡᠯ ᠦᠯᠡᠳᠡᠭᠡᠬᠦ