ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠰᠤᠳᠤᠯᠭᠠᠨ 《NATURE》ᠰᠡᠳᠬᠦᠯ ᠳᠦ ᠬᠡᠪᠯᠡᠭᠳᠡᠵᠡᠢ | News.MN

ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠰᠤᠳᠤᠯᠭᠠᠨ 《NATURE》ᠰᠡᠳᠬᠦᠯ ᠳᠦ ᠬᠡᠪᠯᠡᠭᠳᠡᠵᠡᠢ

ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠣᠢ ᠶᠢᠨ ᠡᠺᠣ ᠰᠢᠰᠲ᠋ᠧᠮ ᠦᠨ ᠮᠤᠨᠢᠲ᠋ᠤᠷᠢᠨ ᠤ ᠯᠠᠪᠤᠷᠠᠲ᠋ᠣᠷᠢ ᠶᠢᠨ ᠬᠠᠮᠲᠤ ᠣᠯᠠᠨ ᠤ ᠬᠠᠮᠲᠤᠷᠠᠭᠰᠠᠨ ᠰᠤᠳᠤᠯᠭᠠᠨ ᠤ ᠪᠦᠲᠦᠭᠡᠯ ᠣᠯᠠᠨ ᠤᠯᠤᠰ ᠤᠨ《NATURE》Communications Earth ᠊ Environment》 ᠰᠡᠳᠬᠦᠯ ᠳᠦ ᠳᠣᠯᠣᠳᠤᠭᠠᠷ ᠰᠠᠷ᠎ᠠ ᠶᠢᠨ 10  ᠳᠦ ᠬᠡᠪᠯᠡᠭᠳᠡᠨ ᠭᠠᠷᠴᠠᠢ᠃
ᠡᠨᠡ ᠬᠦ ᠰᠤᠳᠤᠯᠭ᠎ᠠ ᠨᠢ ᠠᠭᠤᠷ ᠠᠮᠢᠰᠬᠤᠯ ᠤᠨ ᠥᠭᠡᠷᠡᠴᠢᠯᠡᠯᠲᠡ ᠡᠴᠡ ᠡᠭᠦᠳᠦᠯᠲᠡᠢ ᠬᠡᠲᠦ ᠬᠠᠯᠠᠯᠲᠠ ᠮᠣᠳᠣᠯᠢᠭ ᠤᠷᠭᠤᠮᠠᠯ ᠤᠨ ᠹᠣᠲ᠋ᠣᠰᠢᠨᠲ᠋ᠧᠽ ᠶᠠᠪᠤᠭᠤᠯᠬᠤ ᠦᠢᠯᠡ ᠠᠵᠢᠯᠯᠠᠭᠠᠨ ᠳᠤ ᠬᠡᠷᠬᠢᠨ ᠨᠥᠯᠦᠭᠡᠯᠡᠵᠦ ᠪᠠᠶᠢᠭ᠎ᠠ ᠶᠢ ᠰᠤᠳᠤᠯᠬᠤ ᠳᠤ ᠮᠣᠩᠭᠣᠯ ᠣᠷᠣᠨ ᠳᠤ 21  ᠳᠦᠭᠡᠷ ᠵᠠᠭᠤᠨ ᠤ ᠲᠤᠷᠰᠢ ᠳᠤᠯᠠᠭᠠᠷᠠᠯ ᠤᠨ ᠦᠵᠡᠭᠳᠡᠯ ᠳᠡᠯᠡᠬᠡᠢ ᠶᠢᠨ ᠳᠤᠮᠳᠠᠴᠢ ᠠᠴᠠ ᠭᠤᠷᠪᠠ ᠳᠠᠬᠢᠨ ᠬᠤᠷᠳᠤ ᠲᠠᠢ ᠶᠠᠪᠤᠭᠳᠠᠨ᠎ᠠ ᠭᠡᠰᠡᠨ ᠦᠷ᠎ᠡ  ᠳ᠋ᠦᠩ ᠭᠠᠷᠴᠠᠢ᠃
ᠬᠡᠲᠦ ᠬᠠᠯᠠᠯᠲᠠ ᠨᠢ ᠤᠷᠭᠤᠮᠠᠯ ᠤᠨ ᠹᠣᠲ᠋ᠣᠰᠢᠨᠲ᠋ᠧᠽ ᠦᠨ ᠶᠠᠪᠤᠭᠤᠯᠳᠠᠭ ᠠᠫᠫᠠᠷᠠᠲ ᠪᠤᠶᠤ ᠾᠯᠣᠷᠣᠹᠢᠯ ᠢ ᠭᠡᠮᠲᠦᠭᠡᠨ ᠠᠭᠠᠵᠢᠮ ᠢᠶᠠᠷ ᠤᠷᠭᠤᠮᠠᠯ ᠢ ᠮᠥᠬᠥᠯ ᠳᠦ ᠬᠦᠷᠭᠡᠳᠡᠭ  ᠠᠵᠠᠢ᠃

ᠰᠡᠳᠬᠢᠭᠳᠡᠯ ᠦᠯᠡᠳᠡᠭᠡᠬᠦ