ᠪᠣᠭᠳᠠ ᠬᠠᠭᠠᠨ ᠤ ᠣᠷᠳᠣᠨ ᠢ ᠵᠠᠰᠠᠪᠤᠷᠢᠯᠠᠬᠤ ᠠᠵᠢᠯ 50 ᠬᠤᠪᠢ ᠲᠠᠢ ᠪᠠᠶᠢᠨ᠎ᠠ | News.MN

ᠪᠣᠭᠳᠠ ᠬᠠᠭᠠᠨ ᠤ ᠣᠷᠳᠣᠨ ᠢ ᠵᠠᠰᠠᠪᠤᠷᠢᠯᠠᠬᠤ ᠠᠵᠢᠯ 50 ᠬᠤᠪᠢ ᠲᠠᠢ ᠪᠠᠶᠢᠨ᠎ᠠ

ᠪᠣᠭᠳᠠ ᠬᠠᠭᠠᠨ ᠤ ᠣᠷᠳᠣᠨ ᠮᠦᠽᠧᠢ ᠪᠣᠯ ᠮᠣᠩᠭᠣᠯ ᠤᠨ ᠤᠤᠭᠠᠨ ᠪᠥᠭᠡᠳ ᠬᠠᠮᠤᠭ ᠤᠨ ᠪᠠᠶᠠᠯᠢᠭ ᠰᠠᠩ ᠬᠥᠮᠦᠷᠢᠭᠡ ᠪᠦᠬᠦᠢ ᠲᠡᠦᠬᠡ ᠰᠤᠶᠤᠯ ᠤᠨ ᠦᠯᠦ ᠬᠥᠳᠡᠯᠬᠦ ᠳᠤᠷᠠᠰᠬᠠᠯᠲᠤ ᠪᠠᠶᠢᠭᠤᠯᠤᠮᠵᠢ ᠶᠤᠮ᠃ 1893-1903 ᠣᠨ ᠤ ᠬᠣᠭᠣᠷᠣᠨᠳᠣ ᠪᠠᠷᠢᠭᠳᠠᠭᠰᠠᠨ ᠲᠤᠰ ᠮᠦᠽᠧᠢ ᠳᠦ 17-20 ᠳ᠋ᠤᠭᠠᠷ ᠵᠠᠭᠤᠨ ᠤ ᠦᠶ᠎ᠡ ᠶᠢᠨ ᠮᠣᠩᠭᠣᠯ ᠤᠨ ᠬᠠᠭᠠᠨᠲᠤ ᠲᠥᠷᠥ᠂ ᠱᠠᠰᠢᠨ ᠲᠡᠦᠬᠡ᠂ ᠤᠷᠠᠯᠢᠭ ᠰᠤᠶᠤᠯ ᠤᠨ ᠳᠠᠪᠲᠠᠭᠳᠠᠰᠢ ᠦᠭᠡᠢ᠂ ᠬᠣᠣᠰ ᠦᠭᠡᠢ ᠦᠨᠡᠲᠦ ᠳᠤᠷᠠᠰᠬᠠᠯ ᠤᠳ ᠬᠠᠳᠠᠭᠠᠯᠠᠭᠳᠠᠵᠤ ᠪᠠᠶᠢᠳᠠᠭ᠃
ᠬᠠᠮᠤᠭ ᠤᠨ ᠰᠡᠭᠦᠯ ᠦᠨ ᠪᠦᠷᠢᠨ ᠬᠡᠮᠵᠢᠶᠡᠨ ᠦ ᠰᠡᠷᠭᠦᠭᠡᠨ ᠵᠠᠰᠠᠪᠤᠷᠢᠯᠠᠯᠲᠠ 1961-1962 ᠣᠨ ᠳᠤ ᠬᠢᠭᠳᠡᠭᠰᠡᠨ ᠪᠥᠭᠡᠳ ᠰᠡᠭᠦᠯ ᠦᠨ 60 ᠭᠠᠷᠤᠢ ᠵᠢᠯ ᠦᠨ ᠬᠤᠭᠤᠴᠠᠭᠠᠨ ᠳᠤ ᠵᠢᠵᠢᠭ ᠬᠡᠮᠵᠢᠶᠡᠨ ᠦ ᠰᠡᠷᠭᠦᠭᠡᠨ ᠵᠠᠰᠠᠪᠤᠷᠢᠯᠠᠯᠲᠠ ᠶᠢᠨ ᠠᠵᠢᠯ ᠬᠢᠭᠳᠡᠵᠦ ᠪᠠᠶᠢᠭᠰᠠᠨ ᠴᠤ ᠡᠨᠡ ᠤᠳᠠᠭ᠎ᠠ ᠶᠢᠨ ᠬᠢ ᠰᠢᠭ᠋ ᠪᠦᠷᠢᠨ ᠬᠡᠮᠵᠢᠶᠡᠨ ᠦ ᠰᠡᠷᠭᠦᠭᠡᠨ ᠵᠠᠰᠠᠪᠤᠷᠢᠯᠠᠯᠲᠠ ᠬᠢᠭᠳᠡᠵᠦ ᠪᠠᠶᠢᠭ᠎ᠠ ᠦᠭᠡᠢ ᠶᠤᠮ᠃ ᠡᠨᠡ ᠤᠳᠠᠭ᠎ᠠ ᠳᠤ ᠪᠤᠷᠬᠠᠳ ᠤᠨ ᠰᠦᠮ᠎ᠡ᠂ ᠨᠠᠶᠢᠳᠠᠨ ᠰᠦᠮ᠎ᠡ᠂ ᠯᠠᠪᠷᠤᠩ ᠰᠦᠮ᠎ᠡ ᠨᠦᠭᠦᠳ ᠢ ᠰᠡᠷᠭᠦᠭᠡᠨ ᠵᠠᠰᠠᠪᠤᠷᠢᠯᠠᠵᠤ ᠪᠠᠶᠢᠨ᠎ᠠ᠃

ᠰᠡᠷᠭᠦᠭᠡᠨ ᠵᠠᠰᠠᠪᠤᠷᠢᠯᠠᠯᠲᠠ ᠶᠢ ᠪᠦᠭᠦᠳᠡ ᠨᠠᠶᠢᠷᠠᠮᠳᠠᠬᠤ ᠡᠨᠡᠳᠬᠡᠭ ᠤᠯᠤᠰ ᠪᠣᠯᠤᠨ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠤᠨ ᠰᠤᠶᠤᠯ ᠤᠨ ᠥᠪ᠂ ᠤᠷᠠᠨ ᠪᠠᠷᠢᠯᠭ᠎ᠠ᠂ ᠠᠷᠬᠢᠲ᠋ᠧᠺᠲ᠋ᠣᠷ ᠤᠨ ᠳᠤᠷᠠᠰᠬᠠᠯ ᠢ ᠰᠡᠷᠭᠦᠭᠡᠨ ᠵᠠᠰᠠᠪᠤᠷᠢᠯᠠᠳᠠᠭ᠂ ᠣᠯᠠᠨ ᠤᠯᠤᠰ ᠤᠨ ᠲᠤᠷᠰᠢᠯᠭ᠎ᠠ ᠲᠠᠢ ᠮᠡᠷᠭᠡᠵᠢᠯᠲᠡᠳ ᠢ ᠤᠷᠢᠵᠤ ᠠᠪᠴᠢᠷᠠᠨ ᠠᠵᠢᠯᠯᠠᠭᠤᠯᠤᠭᠰᠠᠨ᠃ ᠨᠡᠮᠡᠭᠡᠳ ᠮᠣᠩᠭᠣᠯ  ᠮᠡᠷᠭᠡᠵᠢᠯᠲᠡᠳ ᠣᠷᠣᠯᠴᠠᠭᠰᠠᠨ᠃ ᠰᠡᠷᠭᠦᠭᠡᠨ ᠵᠠᠰᠠᠪᠤᠷᠢᠯᠠᠯᠲᠠ ᠶᠢᠨ ᠠᠵᠢᠯ 50 ᠭᠠᠷᠤᠢ ᠬᠤᠪᠢ ᠶᠢᠨ ᠭᠦᠢᠴᠡᠳᠬᠡᠯ ᠲᠡᠢ ᠦᠷᠭᠦᠯᠵᠢᠯᠡᠵᠦ ᠪᠠᠶᠢᠭ᠎ᠠ ᠪᠥᠭᠡᠳ ᠡᠨᠡ ᠤᠨ ᠳᠤ ᠪᠠᠨ ᠪᠠᠭᠲᠠᠭᠠᠨ ᠵᠠᠰᠠᠪᠤᠷᠢᠯᠠᠯᠲᠠ ᠶᠢᠨ ᠠᠵᠢᠯ ᠢ ᠳᠠᠭᠤᠰᠬᠠᠬᠤ ᠪᠠᠷ ᠲᠥᠯᠥᠪᠯᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ