ᠰ ∙ ᠪᠢᠮᠪᠠᠰᠦ᠋ᠷᠦᠩ ᠰᠦᠮᠦᠦ ᠳᠤ ᠠᠩᠬ᠎ᠠ ᠤᠳᠠᠭ᠎ᠠ ᠲᠦᠷᠦᠭᠦᠯᠡᠯ᠎ᠡ | News.MN

ᠰ ∙ ᠪᠢᠮᠪᠠᠰᠦ᠋ᠷᠦᠩ ᠰᠦᠮᠦᠦ ᠳᠤ ᠠᠩᠬ᠎ᠠ ᠤᠳᠠᠭ᠎ᠠ ᠲᠦᠷᠦᠭᠦᠯᠡᠯ᠎ᠡ

ᠶᠠᠫᠣᠨ ᠤ ᠮᠡᠷᠭᠡᠵᠢᠯ ᠦᠨ ᠰᠦᠮᠦᠦ ᠪᠥᠬᠡ ᠶᠢᠨ ᠳᠣᠯᠣᠳᠤᠭᠠᠷ ᠰᠠᠷ᠎ᠠ ᠶᠢᠨ ᠲᠡᠮᠡᠴᠡᠭᠡᠨ ᠪᠤᠶᠤ ᠨᠠᠭᠤᠶᠠ ᠪᠠᠱᠶᠤ᠋ ᠥᠴᠥᠭᠡᠳᠦᠷ ᠥᠨᠳᠥᠷᠯᠡᠵᠦ ᠰ∙ᠪᠢᠮᠪᠠᠰᠦ᠋ᠷᠦᠩ ᠲᠦᠷᠦᠭᠦᠯᠡᠯ᠎ᠡ᠃ ᠲᠡᠷᠡ ᠲᠡᠮᠡᠴᠡᠭᠡᠨ ᠦ ᠰᠡᠭᠦᠯ ᠦᠨ ᠡᠳᠦᠷ ᠮᠧᠭᠠᠱᠢᠷᠠ ᠶᠢᠨ 17  ᠠᠴᠠ ᠪᠠᠷᠢᠯᠳᠤᠭᠰᠠᠨ ᠬᠠᠺᠤᠬᠤ᠋ ᠶᠢ ᠳᠠᠪᠠᠭᠰᠠᠨ ᠢᠶᠠᠷ 12 ᠳᠠᠪᠠᠭ᠎ᠠ 3 ᠤᠨᠠᠭ᠎ᠠ ᠲᠠᠢ ᠪᠣᠯᠵᠤ ᠮᠧᠭᠠᠱᠢᠷᠠ ᠶᠢᠨ 9 ᠬᠣᠺᠥᠲ᠋ᠣᠹᠦᠵᠢ ᠲᠡᠢ ᠲᠡᠩᠴᠡᠭᠰᠡᠨ ᠶᠤᠮ᠃
ᠤᠯᠠᠮ ᠢᠶᠠᠷ Dolphins Arena  ᠳᠦ ᠨᠡᠮᠡᠯᠲᠡ ᠪᠠᠷᠢᠯᠳᠤᠭᠠᠨ ᠪᠣᠯᠵᠤ 24 ᠨᠠᠰᠤᠲᠠᠢ ᠰ∙ᠪᠢᠮᠪᠠᠰᠦ᠋ᠷᠦᠩ ᠬᠣᠺᠥᠲ᠋ᠣᠹᠦᠵᠢ ᠶᠢ ᠳᠠᠪᠠᠭᠰᠠᠨ ᠢᠶᠠᠷ ᠳᠡᠭᠡᠳᠦ ᠵᠢᠨᠳᠠᠭᠠᠨ ᠳᠤ ᠠᠩᠬ᠎ᠠ ᠤᠳᠠᠭ᠎ᠠ ᠲᠦᠷᠦᠭᠦᠯᠡᠪᠡ᠃ ᠰᠦᠮᠦᠦ ᠪᠥᠬᠡ ᠶᠢᠨ ᠶᠡᠬᠡ ᠠᠪᠤᠷᠭᠤ ᠠᠰᠠᠰᠢᠷᠶᠦ ᠳ∙ᠳᠠᠭᠪᠠᠳᠣᠷᠵᠢ ᠶᠢᠨ ᠠᠬ᠎ᠠ ᠶᠢᠨ ᠬᠦᠦ ᠲᠡᠷᠡ ᠪᠡᠷ ᠡᠵᠡᠨ ᠬᠠᠭᠠᠨ ᠤ ᠴᠣᠮᠣ ᠶᠢ ᠭᠠᠷᠳᠠᠬᠤ ᠳᠤ ᠪᠠᠨ ᠨᠢᠯᠪᠤᠰᠤ ᠤᠨᠠᠭᠠᠭᠰᠠᠨ ᠪᠥᠭᠡᠳ ᠠᠪᠠᠭ᠎ᠠ ᠠᠬ᠎ᠠ ᠳᠤ ᠪᠠᠨ ᠲᠠᠯᠠᠷᠬᠠᠯ ᠢᠯᠡᠷᠬᠡᠶᠢᠯᠡᠪᠡ᠃

ᠰᠡᠳᠬᠢᠭᠳᠡᠯ ᠦᠯᠡᠳᠡᠭᠡᠬᠦ